蒙古文网站Logo
ᠰᠢᠨᠬᠤᠸᠠ ᠮᠤᠩᠭ᠋ᠤᠯ ᠨᠧᠲ

ᠤᠷᠤᠰ ᠤᠨ ᠬᠤᠯᠪᠤᠭᠠᠨ ᠤ ᠪᠤᠷᠢᠶᠠᠳ ᠤᠯᠤᠰ ᠤᠨ ᠠᠯᠳᠠᠷᠲᠤ ᠤᠷᠠᠯᠢᠬᠴᠢᠨ ᠳ᠋ᠠᠰᠢ ᠨᠠᠮᠳᠠᠺᠦᠧ ᠤᠨ ᠭᠡᠷ ᠪᠦᠯᠢ ᠶᠢᠨ ᠪᠦᠲᠦᠭᠡᠯ ᠤᠨ ᠦᠵᠡᠰᠭᠦᠯᠡᠩ ᠪᠡᠭᠡᠵᠢᠩ ᠳᠤ ᠪᠤᠯᠪᠠ

2017-02-15 16:24

    ᠤᠷᠤᠰ ᠤᠨ ᠬᠤᠯᠪᠤᠭᠠᠨ ᠤ ᠪᠤᠷᠢᠶᠠᠳ ᠤᠯᠤᠰ ᠤᠨ ᠤᠷᠠᠯᠢᠬᠴᠢᠨ ᠳ᠋ᠠᠰᠢ ᠨᠠᠮᠳᠠᠺᠤᠸ ᠤᠨ ᠭᠡᠷ ᠪᠦᠯᠢ ᠪᠡᠷ ᠢᠶᠡᠨ ᠤᠷᠠᠯᠠᠨ ᠪᠦᠲᠦᠭᠡᠭ᠍ᠰᠡᠨ—《ᠦᠯᠢᠭᠡᠷ ᠤᠨ ᠳᠤᠮᠤᠬ》 ᠪᠦᠲᠦᠭᠡᠯ ᠤᠨ ᠦᠵᠡᠰᠭᠦᠯᠡᠩ ᠤᠶᠢᠷ᠎ᠠ ᠳᠤ ᠪᠡᠭᠡᠵᠢᠩ ᠳᠤ ᠪᠤᠯᠪᠠ᠃ ᠡᠳᠡᠭᠡᠷ ᠪᠦᠲᠦᠭᠡᠯ ᠤᠳ ᠳ᠋ᠠᠰᠢ ᠨᠠᠮᠳᠠᠺᠤᠸ ᠤᠨ ᠭᠡᠷ ᠪᠦᠯᠢ ᠶᠢᠨ ᠬᠢᠨ ᠤ ᠰᠡᠭᠦᠯ ᠤᠨ ᠵᠢᠯ ᠤᠳ ᠲᠤ ᠪᠦᠲᠦᠭᠡᠭ᠍ᠰᠡᠨ ᠴᠤ᠋ ᠰᠢᠨ᠎ᠡ ᠪᠦᠲᠦᠭᠡᠯ ᠪᠤᠯᠬᠤ ᠶᠤᠮ᠃ ᠳᠡᠳᠡ ᠪᠠᠭᠠᠲᠤᠷᠯᠢᠬ ᠲᠤᠤᠯᠢ᠂ ᠰᠢᠳᠢᠲᠤ ᠲᠤᠮᠤᠬ ᠲᠡᠬᠢ ᠳᠦᠷᠢ ᠵᠢ ᠮᠤᠳᠤ᠂ ᠶᠠᠰᠤ᠂ ᠠᠷᠠᠰᠤ ᠰᠢᠷᠢ᠂ ᠮᠤᠷᠢᠨ ᠲᠠᠯ᠎᠂ ᠡᠷᠳᠡᠨᠢ ᠶᠢᠨ ᠴᠢᠯᠠᠭᠤ ᠵᠡᠷᠭᠡ ᠤᠯᠠᠮᠵᠢᠯᠠᠯᠲᠤ ᠮᠠᠲ᠋ᠧᠷᠢᠶᠠᠯ ᠢᠶᠡᠷ ᠤᠶᠤᠵᠦ ᠨᠠᠭᠠᠨ ᠰᠠᠶᠢᠯᠦᠨ ᠪᠦᠲᠦᠭᠡᠵᠡᠢ᠃ ᠢᠩᠬᠢᠭ᠍ᠰᠡᠨ ᠢᠶᠡᠷ ᠪᠦᠲᠦᠭᠡᠯ ᠨᠢ ᠦᠨᠳᠦᠰᠦᠲᠡᠨ ᠤ ᠤᠨᠴᠠᠯᠢᠬ ᠪᠢᠯᠬᠠᠮ᠎ᠠ ᠮᠦᠷᠲᠡᠭᠡᠨ ᠲᠡᠦᠬᠡ ᠶᠢᠨ ᠤᠨᠴᠠᠯᠢᠬ ᠢ ᠭᠦᠢᠴᠡᠳ ᠬᠠᠷᠠᠭᠤᠯᠤᠬᠰᠠᠨ ᠪᠠᠶᠢᠨ᠎ᠠ᠃ ᠡᠶᠢᠮᠦᠷᠬᠦ ᠡᠭᠦᠳᠦᠯᠴᠢ ᠪᠦᠲᠦᠭᠡᠯ ᠢᠶᠡᠷ ᠦᠨᠳᠦᠰᠦᠲᠡᠨ ᠤ ᠰᠤᠶᠤᠯ ᠪᠠ ᠤᠯᠠᠮᠵᠢᠯᠠᠯᠲᠤ ᠭᠠᠷ ᠤᠷᠠᠯᠠᠯ ᠰᠢᠨ᠎ᠡ ᠳᠦᠷᠢ ᠳᠦᠷᠬᠦ ᠲᠠᠢ ᠪᠤᠯᠵᠦ᠂ ᠨᠡᠩ ᠤᠯᠠᠨ ᠬᠦᠮᠦᠨ ᠤ ᠠᠨᠭᠬᠠᠷᠤᠯ ᠢ ᠲᠠᠲᠠᠵᠦ ᠡᠬᠢᠯᠡᠭ᠍ᠰᠡᠨ ᠶᠤᠮ᠃

    ᠳ᠋ᠠᠰᠢ ᠨᠠᠮᠳᠠᠺᠤᠧ ᠤᠨ ᠲᠠᠨᠢᠯᠴᠠᠭᠤᠯᠭ᠎ᠠ

    ᠠᠯᠳᠠᠷᠲᠤ ᠤᠷᠠᠨ ᠪᠠᠷᠢᠮᠠᠯᠴᠢ᠂ ᠵᠢᠷᠤᠭᠠᠴᠢ ᠳ᠋ᠠᠰᠢ ᠨᠠᠮᠳᠠᠺᠤᠧ 1967 ᠤᠨ ᠳᠤ ᠤᠷᠤᠰ ᠤᠨ ᠬᠤᠯᠪᠤᠭᠠᠲᠤ ᠤᠯᠤᠰ ᠤᠨ ᠴᠢᠲ᠋ᠠ ᠮᠤᠵᠢ ᠶᠢᠨ ᠤᠺᠤᠷᠢᠺ ᠲᠤᠰᠬᠤᠨ ᠳᠤ ᠲᠦᠷᠦᠵᠦ᠂ 1992 ᠤᠨ ᠳᠤ ᠺᠷᠠᠰᠨᠤᠶᠠᠰᠺᠢ ᠶᠢᠨ ᠤᠷᠠᠯᠢᠬ ᠤᠨ ᠳᠡᠭᠡᠳᠤ ᠰᠤᠷᠭᠠᠭᠤᠯᠢ ᠵᠢ ᠲᠡᠭᠦᠰᠭᠡᠵᠡᠢ᠃ 2000 ᠤᠨ ᠳᠤ ᠠᠨᠭᠬᠠᠨ ᠤ ᠦᠵᠡᠰᠭᠦᠯᠡᠩ ᠢᠶᠡᠨ ᠲᠤᠰ ᠬᠤᠲᠠᠨ᠎ᠠ ᠭᠠᠷᠭᠠᠵᠦ ᠪᠠᠶᠢᠵᠠᠢ᠃ ᠲᠡᠭᠦᠨ ᠤ ᠦᠵᠡᠰᠭᠦᠯᠡᠩ ᠮᠤᠰᠺᠸᠠ ᠶᠢᠨ ᠲᠷᠧᠲᠶᠠᠺᠤᠸ ᠤᠨ ᠭᠠᠯᠧᠷᠧᠢ ᠡᠴᠡ ᠡᠬᠢᠯᠡᠨ ᠨᠢᠦ᠋ ᠶᠤᠷᠺ᠂ ᠯᠤᠨᠳᠤᠨ᠂ ᠲᠤᠤᠺᠢᠤ᠋᠂ ᠫᠷᠠᠬ᠎ᠠ᠂ ᠪᠡᠭᠡᠵᠢᠩ᠂ ᠠᠯᠮᠠ᠎- ᠠᠲ᠋ᠠ ᠵᠡᠷᠭᠡ ᠳᠡᠯᠡᠬᠡᠢ ᠶᠢᠨ ᠲᠤᠮᠤᠬᠠᠨ ᠬᠤᠲᠠ ᠨᠤᠭᠤᠳ ᠲᠤ 20 ᠭᠠᠷᠤᠢ ᠦᠵᠡᠰᠭᠦᠯᠡᠩ ᠭᠠᠷᠭᠠᠵᠠᠢ᠃ ᠲᠡᠭᠦᠨ ᠤ ᠪᠦᠲᠦᠭᠡᠯ ᠤᠳ ᠤᠷᠤᠰ ᠤᠨ ᠬᠤᠯᠪᠤᠭᠠᠲᠤ ᠤᠯᠤᠰ᠂ ᠭ᠍ᠧᠷᠮᠠᠨ᠂ ᠹᠷᠠᠨᠼᠢ᠂ ᠠᠮᠸᠷᠢᠺᠠ ᠵᠡᠷᠭᠡ ᠤᠷᠤᠨ ᠳᠤ ᠲᠤᠬᠠᠶᠢᠯᠠᠪᠠᠯ ᠸ·ᠫᠦᠲ᠋ᠢᠨ᠂ ᠶᠤ᠊· ᠯᠤᠵᠠᠺᠤᠸ᠂ ᠭ᠍᠍᠊·ᠱᠷᠶᠤᠳᠧᠷ ᠵᠡᠷᠭᠡ ᠤᠯᠠᠨ ᠠᠯᠳᠠᠷᠲᠠᠨ᠂ ᠪᠠᠶᠠᠴᠤᠳ ᠤᠨ ᠬᠤᠪᠢ ᠶᠢᠨ ᠴᠤᠬᠯᠠᠭᠤᠯᠭ᠎ᠠ ᠳᠤ ᠤᠷᠤᠵᠠᠢ᠃ ᠳ᠋ᠠᠰᠢ ᠨᠠᠮᠳᠠᠺᠤᠸ ᠤᠷᠤᠰ ᠤᠨ ᠤᠷᠠᠯᠢᠬ ᠤᠨ ᠰᠠᠯᠪᠤᠷᠢ ᠶᠢᠨ ᠨᠡᠷ᠎ᠡ ᠬᠦᠨᠳᠦᠲᠡᠢ ᠪᠦᠬᠦᠶᠢᠯᠡ ᠱᠠᠨᠭᠨᠠᠯ ᠢ ᠬᠦᠷᠲᠡᠭ᠍ᠰᠡᠨ ᠤ ᠲᠤᠳᠤᠷ᠎ᠠ ᠰᠠᠨ ᠪᠤᠳᠤᠷᠤᠸ ᠤᠨ 《ᠮᠤᠨᠭᠭᠤᠯ》 ᠺᠢᠨᠤ᠋ ᠳᠤ ᠵᠢᠷᠤᠭᠠᠴᠢ ᠪᠡᠷ ᠠᠵᠢᠯᠯᠠᠬᠰᠠᠨ ᠨᠢ ᠲᠡᠭᠦᠨ ᠳᠤ ᠤᠷᠤᠰ ᠤᠨ ᠺᠢᠨᠤ᠋ ᠠᠺᠠᠳᠧᠮᠢ ᠶᠢᠨ ᠳᠡᠭᠡᠳᠦ ᠱᠠᠨᠭᠨᠠᠯ《ᠰᠢᠯᠢᠳᠡᠭ ᠵᠢᠷᠤᠭᠠᠴᠢ》 ᠶ᠋ᠢᠨ ᠱᠠᠨᠭᠨᠠᠯ᠂ ᠠᠮᠸᠷᠢᠺᠠ ᠶᠢᠨ ᠺᠢᠨᠤ᠋ ᠠᠺᠠᠳᠧᠮᠢ ᠶᠢᠨ ᠭᠠᠳᠠᠭᠠᠳᠤ ᠶᠢᠨ ᠰᠢᠯᠢᠳᠡᠭ ᠺᠢᠨᠤ᠋ ᠪᠡᠷ ᠰᠢᠯᠭᠠᠷᠠᠵᠦ ᠪᠠᠶᠢᠵᠠᠢ᠃ ᠲᠡᠭᠦᠨ ᠤ ᠪᠦᠲᠦᠭᠡᠯ ᠨᠢ ᠤᠯᠠᠭᠠᠨ ᠦᠳᠡ ᠶᠢᠨ 《ᠬᠠᠮᠪᠤ ᠶᠢᠨ ᠬᠦᠷᠢᠶ᠎ᠡ》ᠬᠡᠶᠢᠳ ᠤᠨ ᠡᠮᠦᠨ᠎ᠡ ᠪᠠᠶᠢᠷᠢᠯᠠᠳᠠᠬ᠃ ᠠᠩᠭ᠍ᠯᠢᠴᠤᠳ ᠤᠨ ᠵᠠᠬᠢᠶᠠᠯᠠᠭ᠎ᠠ ᠪᠡᠷ ᠪᠦᠲᠦᠭᠡᠭ᠍ᠰᠡᠨ 《ᠴᠢᠩᠭᠢᠰ ᠬᠠᠭᠠᠨ ᠤ ᠬᠦᠰᠢᠶ᠎ᠠ》 ᠵᠢ 2012 ᠤᠨ ᠳᠤ ᠯᠤᠨᠳᠤᠨ ᠬᠤᠲᠠᠨ᠎ᠠ ᠪᠤᠰᠬᠠᠬᠰᠠᠨ ᠨᠢ ᠶᠡᠬᠡᠬᠡᠨ ᠰᠦᠷ ᠳᠤᠤᠯᠢᠶᠠᠨ ᠲᠠᠢ ᠦᠢᠯᠡ ᠶᠠᠪᠤᠳᠠᠯ ᠪᠤᠯᠵᠦ ᠪᠠᠶᠢᠯ᠎ᠠ᠃ 2013 ᠤᠨ ᠳᠤ ᠮᠤᠨᠭᠭᠤᠯ᠂ ᠪᠤᠷᠢᠶᠠᠳ ᠤᠨ ᠤᠷᠠᠯᠢᠬ ᠤᠨ ᠰᠠᠯᠪᠤᠷᠢ ᠳᠤ ᠤᠷᠤᠭᠤᠯᠬᠰᠠᠨ ᠲᠡᠭᠦᠨ ᠤ ᠬᠤᠪᠢ ᠨᠡᠮᠡᠷᠢ ᠵᠢ ᠦᠨᠡᠯᠡᠵᠦ ᠮᠤᠨᠭᠭᠤᠯ ᠤᠯᠤᠰ《ᠠᠯᠲᠠᠨ ᠭᠠᠳᠠᠰᠤ》 ᠤᠳᠤᠨ ᠢᠶᠡᠷ ᠱᠠᠨᠭᠨᠠᠵᠠᠢ᠃

 

 

 

ᠢᠷᠡᠯᠳᠡ᠄ ᠳᠤᠮᠳᠠᠳᠤ ᠤᠯᠤᠰ ᠤᠨ ᠮᠤᠨᠭᠭᠤᠯ ᠷᠠᠳᠢᠤ᠋ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011100001120472745