蒙古文网站Logo
ᠰᠢᠨᠬᠤᠸᠠ ᠮᠤᠩᠭ᠋ᠤᠯ ᠨᠧᠲ

ᠦᠪᠦᠷ ᠮᠤᠨᠭᠭᠤᠯ ᠤᠨ ᠪᠠᠷᠠᠭᠤᠨ ᠬᠡᠰᠡᠭ ᠡᠴᠡ 2000 ᠵᠢᠯ ᠤᠨ ᠡᠮᠦᠨᠡᠬᠢ ᠵᠠᠭᠤ ᠭᠠᠷᠤᠢ ᠮᠦᠬᠦᠯᠢᠭ᠌ ᠤᠷᠭᠤᠮᠠᠯ ᠤᠨ ᠦᠷ᠎ᠡ ᠤᠯᠳᠠᠵᠠᠢ

2017-02-20 17:09

    ᠰᠢᠨᠬᠤᠸᠠ ᠬᠤᠷᠢᠶ᠎ᠠ  ᠬᠦᠬᠡᠬᠤᠲᠠ ᠶᠢᠨ 2 ᠰᠠᠷ᠎ᠠ ᠶᠢᠨ 17 ᠤ᠋ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠤᠷᠢᠬᠠᠨ)ᠦᠪᠦᠷ ᠮᠤᠨᠭᠭᠤᠯ ᠤᠨ ᠲᠡᠦᠬᠡ ᠶᠢᠨ ᠳᠤᠷᠠᠰᠬᠠᠯᠲᠤ ᠪᠤᠳᠠᠰ ᠠᠷᠬᠢᠯᠤᠬᠢ ᠰᠤᠳᠤᠯᠤᠯ ᠤᠨ ᠬᠦᠷᠢᠶᠡᠯᠡᠩ ᠤᠨ ᠮᠡᠳᠡᠭᠡ ᠵᠢ ᠦᠨᠳᠦᠰᠦᠯᠡᠪᠡᠯ᠂ ᠠᠷᠬᠢᠯᠤᠬᠢ ᠰᠤᠳᠤᠯᠤᠭᠠᠴᠢᠳ ᠦᠪᠦᠷ ᠮᠤᠨᠭᠭᠤᠯ ᠤᠨ ᠪᠠᠷᠠᠭᠤᠨ ᠬᠡᠰᠡᠭ ᠤᠨ ᠳ᠋ᠧᠩᠺᠧᠦ ᠰᠢᠶᠠᠨ ᠳᠤ ᠪᠠᠶᠢᠷᠢᠯᠠᠵᠦ ᠪᠤᠢ 2000 ᠵᠢᠯ ᠤᠨ ᠡᠮᠦᠨᠡᠬᠢ ᠨᠢᠭᠡ ᠤᠨᠭᠭᠤᠨ  ᠡᠴᠡ ᠵᠠᠭᠤ ᠭᠠᠷᠤᠢ ᠮᠦᠬᠦᠯᠢᠭ᠌ ᠤᠷᠭᠤᠮᠠᠯ ᠤᠨ ᠦᠷ᠎ᠠ ᠢᠯᠡᠷᠡᠭᠦᠯᠵᠡᠢ᠃ ᠡᠳᠡᠭᠡᠷ ᠦᠷ᠎ᠡ ᠨᠢ ᠠᠨᠠᠷ ᠤᠨ ᠦᠷ᠎ᠡ ᠲᠠᠢ ᠲᠦᠰᠦᠲᠡᠢ᠂ ᠤᠳᠤ ᠶᠠᠬ ᠤᠷᠭᠤᠮᠠᠯ ᠤᠨ ᠠᠷᠬᠢᠯᠤᠬᠢ ᠰᠤᠳᠤᠯᠤᠭᠠᠴᠢᠳ ᠤᠨ ᠰᠢᠯᠭᠠᠨ ᠨᠤᠲᠠᠯᠠᠯᠲᠠ ᠵᠢ ᠬᠦᠯᠢᠶᠡᠵᠦ ᠪᠤᠢ᠃

    ᠰᠤᠳᠤᠯᠤᠭᠠᠴᠢᠳ ᠤᠷᠭᠤᠮᠠᠯ ᠤᠨ ᠦᠷ᠎ᠡ ᠤᠯᠳᠠᠬᠰᠠᠨ ᠤᠨᠭᠭᠤᠨ ᠲᠠᠢ ᠵᠡᠷᠭᠡᠪᠡᠷ ᠪᠠᠰᠠ 18 ᠤᠨᠭᠭᠤᠨ ᠠᠭᠤᠳᠠᠯᠠᠨ ᠭᠠᠷᠭᠠᠵᠠᠢ᠃ ᠡᠳᠡᠭᠡᠷ ᠪᠠᠭ᠎ᠠ ᠬᠡᠯᠪᠡᠷᠢ ᠶᠢᠨ ᠭᠠᠬᠴᠠ ᠲᠠᠰᠤᠯᠭ᠎ᠠ ᠲᠠᠢ ᠲᠤᠭᠤᠰᠬᠠᠨ ᠤᠨᠭᠭᠤᠨ ᠨᠤᠭᠤᠳ ᠢ ᠨᠡᠶᠢᠯᠡᠭᠦᠯᠦᠭᠡᠳ ᠱᠠᠵᠢᠨᠲᠤᠬᠤᠢ ᠳᠡᠬᠢ ᠬᠠᠨ ᠤᠯᠤᠰ ᠤᠨ ᠤᠨᠭᠭᠤᠨ ᠭᠡᠵᠦ ᠨᠡᠷᠡᠯᠡᠳᠡᠭ᠃ ᠡᠳᠡᠭᠡᠷ ᠤᠨᠭᠭᠤᠨ ᠡᠯᠡᠰᠦᠨ ᠳᠤᠪᠤᠷᠴᠠᠬ ᠤᠨ ᠳᠤᠮᠳᠠ ᠲᠠᠷᠬᠠᠨ ᠪᠠᠶᠢᠷᠢᠯᠠᠵᠦ᠂ ᠤᠨᠭᠭᠤᠨ ᠤ ᠤᠷᠤᠢ ᠨᠢ ᠪᠦᠷ ᠭᠠᠵᠠᠷ ᠳᠡᠭᠡᠷ᠎ᠡ ᠢᠯᠡ ᠭᠠᠷᠤᠬᠰᠠᠨ ᠪᠠᠶᠢᠯ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011100001120498453