蒙古文网站Logo
ᠰᠢᠨᠬᠤᠸᠠ ᠮᠤᠩᠭ᠋ᠤᠯ ᠨᠧᠲ

ᠰᠧᠴᠤᠸᠠᠨ ᠡᠴᠡ ᠤᠮᠠᠷᠠᠲᠤ ᠰᠦᠩ ᠤᠨ ᠨᠤᠶᠠᠨ ᠲᠦᠰᠢᠮᠡᠯ ᠤᠨ ᠭᠡᠷ ᠪᠦᠯᠢ ᠶᠢᠨ ᠤᠨᠭᠭᠤᠨ ᠢ ᠢᠯᠡᠷᠡᠭᠦᠯᠪᠡ

2017-02-28 15:19

    ᠰᠤᠷᠪᠤᠯᠵᠢᠯᠠᠬᠴᠢ ᠴᠧᠩᠳᠦ᠋ ᠶᠢᠨ ᠠᠷᠬᠢᠯᠤᠬᠢ ᠰᠤᠳᠤᠯᠤᠯ ᠤᠨ ᠬᠦᠷᠢᠶᠡᠯᠡᠩ ᠡᠴᠡ ᠤᠶᠢᠯᠭᠠᠬᠰᠠᠨ ᠢᠶᠡᠷ᠂ ᠲᠦᠷᠦᠭᠦᠬᠡᠨ ᠴᠧᠩᠳᠦ᠋ ᠬᠤᠲᠠ ᠶᠢᠨ ᠯᠦᠩ ᠴᠢᠤᠸᠠᠨ ᠢ ᠲᠤᠭᠤᠷᠢᠬ ᠤᠨ ᠱᠢ ᠯᠢᠩ ᠪᠠᠯᠭᠠᠰᠤᠨ ᠤ ᠳ᠋ᠠ ᠯᠢᠶᠠᠩ ᠲᠤᠰᠬᠤᠨ ᠡᠴᠡ ᠬᠤᠶᠠᠷ ᠲᠤᠮᠤ ᠬᠡᠯᠪᠡᠷᠢ ᠶᠢᠨ ᠤᠮᠠᠷᠠᠲᠤ ᠰᠦᠩ ᠤᠨ ᠦᠶ᠎ᠡ ᠶᠢᠨ ᠲᠤᠭᠤᠰᠬᠠᠨ ᠤᠨᠭᠭᠤᠨ ᠢ ᠢᠯᠡᠷᠡᠭᠦᠯᠦᠭ᠍ᠰᠡᠨ ᠪᠠᠶᠢᠨ᠎ᠠ᠃ ᠠᠷᠬᠢᠯᠤᠬᠢ ᠰᠤᠳᠤᠯᠭᠠᠴᠢᠳ ᠤᠨᠭᠭᠤᠨ ᠤ ᠪᠢᠴᠢᠭᠡᠰᠦ ᠵᠡᠷᠭᠡ ᠵᠢ ᠦᠨᠳᠦᠰᠦᠯᠡᠨ ᠨᠤᠲᠠᠯᠠᠬᠰᠠᠨ ᠢᠶᠡᠷ᠂ ᠲᠤᠰ ᠬᠤᠶᠠᠷ ᠤᠨᠭᠭᠤᠨ ᠨᠢ ᠤᠮᠠᠷᠠᠲᠤ ᠰᠦᠩ ᠤᠨ ᠨᠤᠶᠠᠨ ᠲᠦᠰᠢᠮᠡᠯ ᠱᠢ ᠴᠧᠩ ᠾᠧ ᠲᠠᠨ ᠡᠷ᠎ᠡ ᠡᠮ᠎ᠡ ᠪᠤᠯᠤᠨ ᠲᠡᠭᠦᠨ ᠤ ᠡᠴᠢᠭᠡ ᠡᠬᠡ ᠶᠢᠨ ᠤᠨᠭᠭᠤᠨ ᠪᠤᠯᠤᠨ᠎ᠠ᠃

    ᠤᠨᠭᠭᠤᠨ ᠡᠴᠡ ᠪᠤᠳᠤᠬᠳᠤ ᠬᠡᠦᠬᠡᠯᠲᠡᠢ᠂ ᠱᠠᠵᠠᠩ ᠰᠠᠪᠠ ᠵᠡᠷᠭᠡ ᠵᠢ ᠪᠠᠬᠲᠠᠭᠠᠬᠰᠠᠨ 60 ᠭᠠᠷᠤᠢ ᠨᠠᠷᠢᠯᠢᠬ ᠬᠢᠴᠡᠲᠡᠢ ᠬᠠᠭᠤᠴᠢ ᠪᠤᠳᠠᠰ ᠤᠯᠳᠠᠵᠠᠢ᠃ ᠡᠭᠦᠨ ᠳᠤ ᠵᠠᠷᠢᠮ ᠪᠤᠳᠤᠬᠲᠤ ᠬᠡᠦᠬᠡᠯᠲᠡᠢ ᠨᠢ ᠲᠤᠭᠤᠰᠬ᠎ᠠ ᠪᠡᠷ ᠪᠦᠲᠦᠭᠰᠡᠨ ᠪᠠᠶᠢᠵᠦ᠂ ᠠᠨᠭᠬ᠎ᠠ ᠤᠳᠠᠭ᠎ᠠ ᠰᠧᠴᠤᠸᠠᠨ ᠤ ᠰᠦᠩ ᠬᠦᠷᠦᠨ ᠤ ᠦᠶ᠎ᠡ ᠶᠢᠨ ᠤᠨᠭᠭᠤᠨ ᠡᠴᠡ ᠡᠶᠢᠮᠷᠬᠦ ᠬᠡᠦᠬᠡᠯᠳᠡᠢ ᠤᠯᠳᠠᠵᠦ ᠪᠠᠶᠢᠨ᠎ᠠ᠃ (ᠵᠢᠷᠤᠬ ᠢ ᠰᠢᠨᠬᠤᠸᠠ ᠬᠤᠷᠢᠶᠠᠨ ᠤ ᠰᠤᠷᠪᠤᠯᠵᠢᠯᠠᠭᠴᠢ ᠯᠢᠦ ᠺᠦᠨ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011100001120542873