蒙古文网站Logo
ᠰᠢᠨᠬᠤᠸᠠ ᠮᠤᠩᠭ᠋ᠤᠯ ᠨᠧᠲ

ᠤᠯᠠᠭᠠᠭᠴᠢᠨ ᠲᠠᠬᠢᠶ᠎ᠠ ᠵᠢᠯ ᠤᠨ ᠲᠠᠪᠤᠨ ᠵᠠᠭᠤᠨ ᠯᠠᠩ ᠲᠡᠭᠡᠭ᠍ᠰᠢᠯᠡᠬᠦᠯᠬᠦ ᠲᠠᠢᠢᠯᠭ᠎ᠠ  ᠴᠢᠩᠬᠢᠰ ᠬᠠᠭᠠᠨ ᠤ ᠤᠩᠭ᠋ᠤᠨ ᠳ᠋ᠤ ᠪᠤᠯᠪᠠ

2017-02-28 17:29

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 2 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠲᠡᠭᠡ(ᠬ • ᠦᠵᠡᠰᠭᠦᠯᠡᠩ᠂ ᠲᠠᠯᠠᠨᠪᠠᠶᠠᠷ)28 ᠤ ᠡᠲᠦᠷ᠂ ᠪᠢᠯᠢᠭ᠌ ᠤᠨ ᠲᠤᠭᠠᠯᠠᠯ ᠤᠨ ᠤᠯᠠᠭᠠᠭᠴᠢᠨ ᠲᠠᠬᠢᠶ᠎᠎ᠠ ᠵᠢᠯ ᠤᠨ ᠬᠤᠶᠠᠷ ᠰᠠᠷ᠎ᠠ ᠶᠢᠨ ᠰᠢᠨ᠎ᠡ ᠶᠢᠨ ᠭᠤᠷᠪᠠᠨ ( ᠤᠷᠲᠤᠰ ᠲᠤᠭᠠᠯᠠᠯ ᠤᠨ ᠲᠠᠪᠤᠨ ᠰᠠᠷ᠎ᠠ ᠶᠢᠨ ᠰᠢᠨ᠎ᠡ ᠶᠢᠨ ᠭᠤᠷᠪᠠᠨ) ᠳ᠋ᠤ ᠤᠯᠠᠮᠵᠢᠯᠠᠯᠲᠤ ᠲᠠᠪᠤᠨ ᠵᠠᠭᠤᠨ ᠯᠠᠩ ᠲᠡᠭᠡᠭ᠍ᠰᠢᠯᠡᠬᠦᠯᠬᠦ ᠲᠠᠢᠢᠯᠭ᠎ᠠ ᠴᠢᠩᠬᠢᠰ ᠬᠠᠭᠠᠨ ᠤ ᠠᠭᠤᠷᠠᠭ ᠤᠷᠲᠤᠨ ᠳ᠋ᠤ ᠪᠤᠯᠵᠤ ᠦᠩᠭᠡᠷᠡᠪᠡ᠃

    ᠲᠠᠪᠤᠨ ᠵᠠᠭᠤᠨ ᠯᠠᠩ ᠲᠡᠭᠡᠭ᠍ᠰᠢᠯᠡᠬᠦᠯᠬᠦ ᠲᠠᠢᠢᠯᠭ᠎ᠠ ᠨᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳ᠋ᠤ ᠪᠤᠭᠲᠠ ᠡᠵᠡᠨ᠂ ᠬᠠᠲᠤᠨ ᠡᠬᠡ ᠶᠢᠨ ᠭᠡᠭᠡᠨ ᠰᠦᠨᠡᠰᠦᠨ ᠤ ᠡᠮᠦᠨ᠎ᠡ ᠵᠠᠰᠠᠭᠰᠠᠨ ᠰᠢᠨ᠎ᠡ ᠶᠢᠨ ᠲᠡᠭᠡᠵᠢ ᠶᠢ ᠲᠡᠭᠡᠭ᠍ᠰᠢᠯᠡᠬᠦᠯᠦᠨ ᠪᠠᠭᠤᠯᠭᠠᠬᠤ ᠪᠡᠷ ᠠᠭᠤᠯᠭ᠎ᠠ ᠪᠠᠨ ᠪᠤᠯᠭᠠᠵᠤ᠂ ᠰᠠᠩ ᠲᠠᠯᠪᠢᠨ《ᠡᠵᠡᠨ ᠰᠠᠩ》᠂《ᠰᠦᠯᠲᠡ ᠶᠢᠨ ᠰᠠᠩ》 ᠤᠩᠰᠢᠬᠤ᠂ ᠨᠠᠨᠳᠢᠷ ᠤᠨ ᠲᠠᠭᠠᠳᠬᠠᠯ ᠬᠢᠬᠦ᠂ ᠦᠳᠬᠡ ᠶᠢᠨ ᠲᠠᠭᠠᠳᠬᠠᠯ ᠬᠢᠬᠦ᠂ ᠰᠠᠷᠬᠤᠳ ᠤᠨ ᠲᠠᠭᠠᠳᠬᠠᠯ ᠬᠢᠬᠦ᠂ ᠦᠴᠢᠭ ᠦᠴᠢᠬᠦ᠂ ᠲᠡᠭᠷᠢ ᠶᠢᠨ ᠲᠠᠭᠤᠤ ᠲᠠᠭᠤᠯᠠᠨ ᠲᠠᠪᠢᠭ ᠲᠠᠯᠪᠢᠬᠤ ᠵᠡᠷᠭᠡ ᠲᠠᠢᠢᠯᠭ᠎ᠠ ᠶᠢᠨ ᠲᠡᠰ ᠲᠠᠷᠠᠭ᠎ᠠ ᠪᠡᠷ ᠶᠠᠪᠤᠭᠲᠠᠨ᠂ ᠲᠠᠢᠢᠯᠭ᠎ᠠ ᠲᠡᠭᠦᠰᠦᠭᠰᠡᠨ ᠤ ᠲᠠᠷᠠᠭ᠎ᠠ ᠲᠠᠷᠬᠠᠳ ᠪᠤᠯᠤᠨ ᠮᠦᠷᠬᠦᠯᠴᠢᠳ ᠲᠠᠪᠤᠨ ᠯᠠᠩ ᠤᠨ ᠲᠡᠭᠡᠵᠢ ᠶᠢ ᠬᠡᠰᠢᠭ᠌ ᠬᠤᠪᠢ ᠪᠤᠯᠭᠠᠨ ᠬᠦᠷᠲᠡᠵᠡᠭᠡᠲᠡᠭ ᠪᠠᠢᠢᠨ᠎ᠠ᠃

    ᠴᠢᠩᠬᠢᠰ ᠬᠠᠭᠠᠨ ᠤ ᠨᠠᠶ᠋ᠮᠠᠨ ᠴᠠᠭᠠᠨ ᠤᠷᠲᠤ ᠪᠤᠯᠤᠨ ᠰᠦᠯᠲᠡ ᠶᠢᠨ ᠲᠠᠢᠢᠯᠭ᠎ᠠ ᠶᠢ ᠵᠢᠯ ᠳ᠋ᠤ ᠬᠡᠲᠦᠨ ᠤᠲᠠᠭ᠎ᠠ ᠬᠢᠲᠡᠭ᠃ ᠲᠡᠭᠦᠨᠴᠢᠯᠡᠨ ᠲᠤᠭᠲᠠᠭᠠᠯ ᠶᠤᠰᠤᠭᠠᠷ ᠴᠤᠮᠴᠤᠭ ᠤᠷᠲᠤ ᠪᠤᠯᠤᠨ ᠰᠢᠲᠦᠭᠡᠨ ᠢ ᠦᠷᠬᠦᠯᠵᠢ ᠰᠢᠨᠡᠳᠭᠡᠲᠡᠭ᠃ ᠨᠢᠭᠡ ᠵᠢᠯ ᠤᠨ ᠲᠠᠢᠢᠯᠭ᠎ᠠ ᠳ᠋ᠤ ᠬᠡᠷᠡᠭᠰᠡᠬᠦ ᠲᠠᠪᠢᠯᠭ᠎ᠠ᠂ ᠲᠤᠨᠤᠭ ᠲᠦᠬᠦᠭᠡᠷᠦᠮᠵᠢ ᠶᠢ ᠵᠠᠰᠠᠨ ᠲᠤᠩᠭ᠋ᠠᠬᠤ᠂ ᠰᠢᠨᠡᠳᠭᠡᠬᠦ ᠵᠡᠷᠭᠡ ᠳ᠋ᠤ ᠪᠠᠭ᠎ᠠ ᠪᠤᠰᠤ ᠵᠠᠷᠤᠲᠠᠯ ᠬᠡᠷᠡᠭᠯᠡᠲᠡᠭ᠃ 1696 ᠤᠨ ᠳ᠋ᠤ ᠲᠠᠪᠤᠨ ᠵᠠᠭᠤᠨ ᠡᠷᠦᠬᠡ ᠲᠠᠷᠬᠠᠳ ᠲᠠᠬᠢᠨ ᠪᠤᠯᠬᠤ ᠳ᠋ᠤ ᠴᠢᠩ ᠤᠯᠤᠰ ᠤᠨ ᠶᠡᠬᠡ ᠵᠤᠷᠭᠠᠨ ᠡᠴᠡ ᠲᠡᠲᠡᠨ ᠳ᠋ᠤ ᠴᠡᠷᠢᠭ ᠤᠨ ᠠᠯᠪᠠ᠂ ᠭᠠᠢᠢᠯᠢ ᠲᠠᠲᠠᠪᠤᠷᠢ ᠬᠡᠯᠲᠦᠷᠢᠬᠦᠯᠬᠦ ᠤᠨᠴᠠ ᠡᠷᠬᠡ ᠤᠯᠭᠤᠬᠤ ᠶᠢᠨ ᠲᠠᠭᠠᠤ ᠲᠠᠷᠬᠠᠳ ᠤᠨ ᠡᠷᠦᠬᠡ ᠪᠦᠷᠢ ᠳ᠋ᠤ ᠨᠢᠭᠡ ᠯᠠᠩ᠂ ᠲᠠᠪᠤᠨ ᠵᠠᠭᠤᠨ ᠡᠷᠦᠬᠡ ᠪᠦᠭᠦᠲᠡ ᠲᠠᠪᠤᠨ ᠵᠠᠭᠤᠨ ᠯᠠᠩ ᠮᠦᠩᠬᠦ ᠴᠤᠭᠯᠠᠭᠤᠯᠤᠨ ᠴᠢᠩᠬᠢᠰ ᠬᠠᠭᠠᠨ ᠤ ᠲᠠᠢᠢᠯᠭ᠎ᠠ ᠶᠢᠨ ᠶᠠᠪᠤᠲᠠᠯ ᠳ᠋ᠤ ᠵᠠᠷᠤᠴᠠᠭᠤᠯᠬᠤ ᠶᠢ ᠲᠤᠭᠲᠠᠭᠠᠭᠰᠠᠨ ᠪᠠᠢᠢᠨ᠎ᠠ᠃ ᠡᠨᠡ ᠨᠢ ᠲᠠᠷᠤᠢ ᠲᠡᠦᠬᠡᠨ ᠳ᠋ᠤ ᠪᠤᠢ ᠪᠤᠯᠤᠭᠰᠠᠨ 《 ᠲᠠᠪᠤᠨ ᠵᠠᠭᠤᠨ ᠯᠠᠩ 》 ᠪᠤᠯᠤᠨ᠎ᠠ᠃ ᠲᠠᠷᠬᠠᠳ ᠤᠨ ᠴᠤᠭᠯᠠᠭᠤᠯᠤᠭᠰᠠᠨ ᠲᠠᠪᠤᠨ ᠵᠠᠭᠤᠨ ᠯᠠᠩ ᠮᠦᠩᠬᠦ ᠨᠢ ᠨᠠᠶ᠋ᠮᠠᠨ ᠴᠠᠭᠠᠨ ᠤᠷᠲᠤ ᠪᠤᠯᠤᠨ ᠰᠦᠯᠲᠡ ᠶᠢᠨ ᠲᠠᠢᠢᠯᠭ᠎ᠠ ᠶᠢᠨ ᠵᠠᠷᠤᠲᠠᠯ ᠢ ᠦᠨᠳᠦᠰᠦᠨ ᠳ᠋ᠡᠭᠡᠨ ᠰᠢᠢᠳᠪᠦᠷᠢᠯᠡᠪᠡ᠃ ᠨᠠᠶ᠋ᠮᠠᠨ ᠴᠠᠭᠠᠨ ᠤᠷᠲᠤ ᠪᠤᠯᠤᠨ ᠰᠦᠯᠲᠡ ᠶᠢ ᠵᠠᠰᠠᠨ ᠰᠢᠨᠡᠳᠭᠡᠬᠦ ᠨᠡᠩ ᠠᠷᠪᠢᠨ ᠵᠠᠷᠤᠲᠠᠯ ᠢ ᠡᠯ᠎ᠡ ᠬᠤᠰᠢᠭᠤᠨ ᠳ᠋ᠤ ᠠᠯᠪᠠ ᠪᠠᠭᠤᠯᠭᠠᠬᠤ ᠪᠤᠶᠤ ᠲᠠᠷᠬᠠᠳ ᠪᠠᠳᠢᠷ ᠪᠠᠷᠢᠬᠤ ᠪᠡᠷ ᠰᠢᠢᠳᠪᠦᠷᠢᠯᠡᠲᠡᠭ ᠪᠠᠢᠢᠪᠠ᠃ ᠲᠠᠪᠤᠨ ᠵᠠᠭᠤᠨ ᠯᠠᠩ ᠮᠦᠩᠬᠦ ᠶᠢ ᠭᠤᠤᠯᠲᠠᠭᠤ ᠶᠡᠷᠦ ᠶᠢᠨ ᠦᠶ᠎ᠠ ᠶᠢᠨ ᠲᠠᠢᠢᠯᠭ᠎ᠠ ᠶᠢᠨ ᠮᠠᠯ᠂ ᠵᠤᠯᠠ ᠶᠢᠨ ᠲᠤᠰᠤ ᠵᠡᠷᠭᠡ ᠵᠦᠢᠯᠡᠰ ᠪᠠ ᠴᠤᠮᠴᠤᠭ ᠤᠷᠲᠤ ᠶᠢᠨ ᠪᠦᠷᠢᠶᠡᠰᠦ ᠶᠢ ᠰᠤᠯᠢᠬᠤ ᠳ᠋ᠤ ᠬᠡᠷᠡᠭᠯᠡᠵᠦ ᠪᠠᠢᠢᠪᠠ᠃ ᠡᠭᠦᠨ ᠢ ᠦᠭᠡᠷ᠎ᠡ ᠶᠠᠭᠤᠮᠠᠨ ᠳ᠋ᠤ ᠬᠡᠷᠡᠭᠯᠡᠵᠦ ᠪᠤᠯᠲᠠᠭ ᠦᠭᠡᠢ ᠪᠠᠢᠢᠪᠠ᠃ ᠴᠠᠭᠠᠨ ᠰᠠᠷ᠎᠎᠎ᠠ ᠶᠢᠨ ᠰᠢᠨ᠎ᠡ ᠶᠢᠨ ᠨᠢᠭᠡᠨ ᠤ ᠲᠠᠢᠢᠯᠭ᠎ᠠ ᠶᠢ ᠲᠦᠷᠦᠬᠦᠦ ᠵᠢᠯ ᠤᠨ ᠬᠢᠨᠢ ᠲᠠᠪᠤᠨ ᠵᠠᠭᠤᠨ ᠯᠠᠩ ᠮᠦᠩᠬᠦᠨ ᠤ ᠦᠯᠡᠳᠡᠪᠦᠷᠢ ᠶᠢ ᠪᠦᠬᠦᠨ ᠢ ᠬᠡᠷᠡᠭᠯᠡᠨ ᠪᠡᠯᠡᠳᠭᠡᠲᠡᠭ᠃ ᠡᠢᠢᠮᠦ ᠶᠢᠨ ᠲᠤᠯᠠᠲᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠲᠠᠢᠢᠯᠭ᠎ᠠ ᠶᠢ ᠪᠠᠰᠠ 《ᠲᠠᠪᠤᠨ ᠵᠠᠭᠤᠨ ᠯᠠᠩ》ᠬᠡᠮᠡᠨ ᠨᠡᠷᠡᠯᠡᠲᠡᠭ᠃ ᠲᠠᠪᠤᠨ ᠵᠠᠭᠤᠨ ᠯᠠᠩ ᠶᠢᠡᠷ ᠪᠡᠯᠡᠳᠭᠡᠨ ᠵᠠᠰᠠᠭᠰᠠᠨ ᠰᠢᠨ᠎ᠡ ᠶᠢᠨ ᠨᠢᠭᠡᠨ ᠤ ᠲᠡᠭᠡᠵᠢ ᠢᠲᠡᠭᠡᠨ ᠶᠢᠡᠨ ᠪᠢᠯᠢᠭ᠌ ᠤᠨ ᠲᠤᠭᠠᠯᠠᠯ ᠤᠨ ᠬᠤᠶᠠᠷ ᠰᠠᠷ᠎ᠠ ᠶᠢᠨ ᠰᠢᠨ᠎ᠡ ᠶᠢᠨ ᠭᠤᠷᠪᠠᠨ ᠪᠤᠯᠪᠠᠯ ᠲᠤᠰᠬᠠᠢ ᠲᠠᠢᠢᠯᠭ᠎ᠠ ᠬᠢᠵᠦ ᠲᠡᠭᠡᠭ᠍ᠰᠢᠯᠡᠬᠦᠯᠲᠡᠭ᠃ ᠡᠭᠦᠨ ᠢ 《ᠲᠠᠪᠤᠨ ᠵᠠᠭᠤᠨ ᠯᠠᠩ ᠲᠡᠭᠡᠭ᠍ᠰᠢᠯᠡᠬᠦᠯᠬᠦ ᠲᠠᠢᠢᠯᠭ᠎ᠠ》ᠭᠡᠲᠡᠭ᠃

    ᠲᠠᠪᠤᠨ ᠵᠠᠭᠤᠨ ᠯᠠᠩ ᠲᠡᠭᠡᠭ᠍ᠰᠢᠯᠡᠬᠦᠯᠬᠦ ᠲᠠᠢᠢᠯᠭ᠎ᠠ ᠨᠢ ᠴᠢᠩᠬᠢᠰ ᠬᠠᠭᠠᠨ ᠤ ᠪᠤᠢ ᠪᠦᠬᠦᠢ ᠲᠠᠬᠢᠯᠭ᠎ᠠ ᠲᠠᠢ ᠬᠦᠨ ᠬᠠᠷᠢᠴᠠᠭ᠎ᠠ ᠬᠤᠯᠪᠤᠭ᠎ᠠ ᠲᠠᠢ ᠪᠡᠷ ᠦᠯᠦ ᠪᠠᠷᠠᠨ ᠲᠠᠪᠤᠨ ᠵᠠᠭᠤᠨ ᠡᠷᠦᠬᠡ ᠰᠢᠷ᠎ᠠ ᠲᠠᠷᠬᠠᠳ ᠬᠡᠮᠡᠨ ᠲᠡᠦᠬᠡᠨ ᠳ᠋ᠤ ᠠᠯᠲᠠᠷᠰᠢᠭᠰᠠᠨ ᠰᠢᠲᠦᠭᠡᠨ ᠰᠠᠬᠢᠭᠴᠢ ᠶᠠᠮᠤᠲᠠᠳ ᠤᠨ ᠦᠦᠬᠡ ᠲᠡᠦᠬᠡ᠂ ᠡᠭᠦᠷᠭᠡ ᠠᠯᠪᠠ ᠲᠠᠢ ᠴᠤ ᠰᠠᠯᠵᠤ ᠪᠤᠯᠤᠰᠢ ᠦᠭᠡᠢ ᠬᠤᠯᠪᠤᠭ᠎ᠠ ᠲᠠᠢ  ᠶᠤᠮ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011120791120545274