蒙古文网站Logo
ᠰᠢᠨᠬᠤᠸᠠ ᠮᠤᠩᠭ᠋ᠤᠯ ᠨᠧᠲ

ᠮᠣᠩᠭ᠋ᠤᠯ ᠬᠡᠪᠯᠡᠯ ᠤᠨ《ᠮᠠᠷᠺᠰ ᠨᠠᠶᠢᠳᠠᠪᠤᠷᠢᠲᠠᠢ》ᠨᠣᠮ  ᠬᠡᠪᠯᠡᠭᠳᠡᠨ ᠲᠠᠷᠬᠠᠭᠠᠭᠳᠠᠯ᠎ᠠ

2017-03-15 10:20

    ᠰᠢᠨᠬᠤᠧᠠ ᠮᠣᠩ᠋ᠭᠤᠯ ᠨᠧᠲ ᠬᠦᠬᠡᠬᠤᠲᠠ ᠶᠢᠨ 3 ᠰᠠᠷ᠎ᠠ ᠶᠢᠨ 15 ᠤ ᠡᠳᠦᠷ ᠤᠨ ᠴᠠᠬᠢᠯᠭᠠᠨ ᠮᠡᠳᠡᠭᠡ (ᠰᠤᠷᠤᠶ᠎ᠠ) 14 ᠤ ᠡᠳᠦᠷ᠂ ᠮᠣᠩᠭ᠋ᠤᠯ ᠬᠡᠪᠯᠡᠯ ᠤᠨ《ᠮᠠᠷᠺᠰ ᠨᠠᠶᠢᠳᠠᠪᠤᠷᠢᠲᠠᠢ》ᠨᠣᠮ ᠤᠨ  ᠲᠠᠷᠬᠠᠭᠠᠬᠤ ᠶᠤᠰᠤᠯᠠᠯ ᠬᠦᠬᠡᠬᠤᠲᠠᠨ᠎ᠠ ᠪᠤᠯᠪᠠ᠃

    2016 ᠤᠨ ᠳᠤ 《ᠵᠠᠯᠠᠭᠤᠴᠤᠳ ᠮᠠᠨᠢ ᠮᠠᠷᠺᠰ ᠢ ᠬᠦᠷᠢᠶᠡᠯᠡᠬᠦ 》 ᠪᠡᠷ ᠭᠤᠤᠯ ᠰᠡᠳᠦᠪ ᠪᠤᠯᠭᠠᠭᠰᠠᠨ 《ᠮᠠᠷᠺᠰ ᠨᠠᠶᠢᠳᠠᠪᠤᠷᠢᠲᠠᠢ》ᠨᠣᠮ ᠬᠡᠪᠯᠡᠭᠳᠡᠨ ᠲᠠᠷᠬᠠᠭᠠᠭᠳᠠᠵᠤ᠂ ᠲᠤᠬᠢᠷᠠᠮᠵᠢᠲᠠᠢ ᠶᠦᠮᠦᠷᠯᠢᠭ᠌᠌ ᠬᠡᠯᠡ ᠬᠡᠯᠡᠯᠭᠡ ᠪᠠ ᠦᠨᠡᠨ ᠪᠤᠲᠠᠲᠠᠢ ᠲᠡᠤᠬᠡᠨ ᠶᠠᠪᠤᠳᠠᠯ  ᠢᠶᠡᠷ ᠵᠠᠯᠠᠭᠤᠴᠤᠳ ᠲᠤ ᠮᠠᠷᠺᠰ ᠤᠨ ᠲᠦᠷᠢ ᠶᠢ ᠠᠮᠢᠳᠤᠯᠢᠭ ᠬᠠᠷᠠᠭᠤᠯᠵᠡᠢ᠃

    ᠮᠣᠩᠭ᠋ᠤᠯ ᠬᠡᠪᠯᠡᠯ ᠤᠨ《ᠮᠠᠷᠺᠰ ᠨᠠᠶᠢᠳᠠᠪᠤᠷᠢᠲᠠᠢ》ᠨᠣᠮ ᠢ ᠥᠪᠦᠷ ᠮᠣᠩ᠋ᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠤᠯᠠᠨ ᠤ ᠬᠡᠷᠡᠭᠯᠡᠬᠡᠨ ᠤ ᠨᠤᠮ ᠪᠢᠴᠢᠭ᠌ ᠨᠠᠶᠢᠷᠠᠭᠤᠯᠬᠤ ᠳᠦᠪ ᠤᠨ ᠡᠷᠬᠢᠯᠡᠭᠴᠢ ᠴᠠᠩ ᠰᠦᠧᠧ ᠤᠷᠴᠢᠭᠤᠯᠵᠡᠢ᠃ ᠲᠤᠰ ᠨᠣᠮ ᠬᠦᠮᠦᠰ ᠲᠤ ᠮᠠᠷᠺᠰ ᠢ ᠦᠨᠡᠨ ᠬᠦ ᠤᠶᠢᠯᠠᠭᠠᠭᠤᠯᠵᠤ᠂ ᠳᠡᠬᠦᠨ ᠤ  ᠤᠯᠠᠮ ᠡᠴᠡ ᠮᠠᠷᠺᠰ ᠢ ᠬᠠᠶᠢᠷᠠᠯᠠᠨ ᠪᠢᠰᠢᠷᠠᠵᠤ᠂ ᠮᠠᠷᠺᠰ ᠤᠨ ᠪᠦᠲᠦᠬᠡᠯ ᠢ ᠰᠤᠳᠤᠯᠤᠨ ᠤᠩᠰᠢᠬᠤ ᠳᠤᠷ᠎ᠠ ᠪᠠᠬ᠎ᠠ ᠲᠠᠢ ᠪᠤᠯᠭᠠᠬᠤ ᠪᠠᠶᠢᠬ᠎ᠠ ᠬᠡᠵᠤ ᠲᠡᠷᠡᠪᠡᠷ ᠶᠠᠷᠢᠯ᠎ᠠ᠃

    《ᠮᠠᠷᠺᠰ ᠨᠠᠶᠢᠳᠠᠪᠤᠷᠢᠲᠠᠢ》ᠨᠣᠮ ᠨᠢ ᠰᠢᠨ᠎ᠠ ᠶᠢ ᠡᠭᠦᠳᠬᠦ ᠬᠡᠯᠪᠡᠷᠢ ᠪᠡᠷ ᠦᠨᠡᠨ ᠪᠤᠳᠠᠲᠠᠢ᠂ ᠠᠪᠢᠶᠠᠰᠤᠯᠢᠭ᠂ ᠬᠡᠪ ᠢᠶᠡᠷ ᠢᠶᠡᠨ 《ᠠᠮᠢᠳᠤᠷᠠᠭ᠎ᠠ》ᠮᠠᠷᠺᠰ ᠢ ᠤᠩᠰᠢᠭᠴᠢᠳ ᠤᠨ ᠢᠶᠡᠨ ᠡᠮᠦᠨ᠎ᠡ ᠳᠠᠬᠢᠨ ᠱᠤᠭᠤᠬᠤ ᠶᠢᠨ ᠵᠡᠷᠬᠡᠴᠡᠬᠡ ᠤᠩᠰᠢᠭᠴᠢᠳ ᠲᠤ ᠮᠠᠷᠺᠰ ᠪᠤᠯᠤᠨ ᠮᠠᠷᠺᠰ ᠤᠨ ᠦᠵᠡᠯ  ᠤᠨ ᠨᠠᠶᠢᠷᠰᠠᠭ᠂ ᠬᠦᠨᠳᠤᠳᠬᠡᠬᠦᠰᠢᠲᠠᠢ᠂ ᠢᠳᠡᠭᠦᠰᠢᠲᠠᠢ᠂ ᠬᠡᠷᠡᠭᠴᠡᠭᠡᠲᠠᠢ ᠶᠢ ᠰᠡᠳᠭᠢᠭ᠍ᠳᠡᠭᠦᠯᠬᠦ ᠪᠤᠯᠤᠨ᠎ᠠ᠃

ᠢᠷᠡᠯᠳᠡ᠄ ᠰᠢᠨᠬᠤᠧᠠ ᠮᠣᠩ᠋ᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120630417