蒙古文网站Logo
ᠰᠢᠨᠬᠤᠸᠠ ᠮᠤᠩᠭ᠋ᠤᠯ ᠨᠧᠲ

ᠲᠠᠯ᠎ᠠ ᠨᠤᠲᠤᠭ ᠤᠨ ᠰᠤᠶᠤᠯ ᠤᠨ ᠰᠤᠳᠤᠨ ᠪᠦᠳᠦᠭᠡᠯ ᠪᠡᠬᠡᠵᠢᠩ ᠳᠤ ᠲᠡᠯᠬᠡᠭ᠍ᠳᠡᠪᠡ

2017-03-23 16:50

    ᠲᠦᠷᠦᠭᠦᠬᠡᠨ ᠦᠪᠣᠷ ᠮᠤᠩᠭ᠋ᠤᠯ ᠤᠨ ᠲᠠᠯ᠎ᠠ ᠨᠣᠳᠤᠭ ᠤᠨ ᠰᠣᠶᠤᠯ ‍ᠤᠨ ᠬᠠᠮᠠᠭᠠᠯᠠᠯᠲᠠ ᠬᠦᠭ᠍ᠵᠢᠭᠦᠯᠦᠯᠲᠡ ᠶ᠋ᠢᠨ ᠹᠤᠨᠳ᠋ ᠤᠨ ᠨᠡᠶᠢᠬᠡᠮᠯᠢᠭ᠌ ᠪᠡᠭᠡᠵᠢᠩ ᠳ᠋ᠥ《ᠲᠠᠶᠢᠳᠤ ᠶ᠋ᠢᠨ ᠴᠤᠭᠯᠠᠷᠠᠬᠤ ᠵᠠᠷᠯᠢᠭ - ᠬᠤᠪᠢᠯᠠᠢ ᠬᠠᠭᠠᠨ ‍ᠢ ᠤᠶᠢᠯᠠᠭᠠᠬᠤ ᠨᠢ》ᠰᠢᠷᠢᠰ ᠠᠵᠢᠯᠯᠠᠭ᠎ᠠ ᠶᠠᠪᠤᠭᠤᠯᠵᠦ᠂ ᠦᠪᠤᠷ ᠮᠤᠩᠭ᠋ᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠦᠨ ᠤᠢ ᠳ᠋ᠥ ᠪᠡᠯᠡᠭ ᠪᠤᠯᠭᠠᠵᠠᠢ᠃

    ᠲᠤᠰ ᠤᠳᠠᠭᠠᠨ ᠤ ᠠᠵᠢᠯᠯᠠᠭ᠎ᠠ ᠨᠢ ᠲᠡᠤᠬᠡᠳᠤ ᠬᠦᠮᠤᠨ ᠬᠤᠪᠢᠯᠠᠢ ᠶ᠋ᠢᠨ ᠲᠤᠭᠤᠷᠢᠨ ᠳ᠋ᠥ ᠵᠦᠴᠤᠭᠡ ᠶ᠋ᠢᠨ ᠲᠠᠶᠢᠰᠠ᠂ ᠺᠢᠨᠤ᠋ ᠲᠸᠯᠸᠢᠰ᠂ ᠡᠷᠳᠡᠮ ᠰᠢᠨᠵᠢᠯᠡᠭᠡ ᠶ᠋ᠢᠨ ᠰᠤᠳᠤᠯᠤᠯ ᠵᠡᠷᠬᠡ ᠠᠳᠠᠯᠢ ᠪᠤᠰᠤ ᠬᠡᠯᠪᠡᠷᠢ ᠪᠡᠷ ᠬᠤᠪᠢᠯᠠᠢ ᠶ᠋ᠢᠨ ᠲᠣᠮᠳᠠᠳᠣ ᠣᠯᠣᠰ ᠲᠡᠷᠡᠴᠢᠯᠡᠨ ᠲᠡᠯᠡᠬᠡᠢ ᠶ᠋ᠢᠨ ᠲᠡᠤᠬᠡᠨ ᠬᠦᠭ᠍ᠵᠢᠯ ᠳ᠋ᠥ ᠦᠵᠡᠬᠦᠯᠤᠭ᠍ᠰᠡᠨ ᠬᠤᠪᠢ ᠨᠡᠮᠡᠷᠢ ᠶ᠋ᠢ ᠨᠡᠶᠢᠬᠡᠮ ᠨᠡᠶᠢᠲᠡ ᠳᠤ ᠬᠠᠷᠠᠭᠤᠯᠤᠭᠰᠠᠨ ᠪᠠᠶᠢᠨ᠎ᠠ᠃ ᠠᠮᠸᠷᠢᠺᠠ ᠶ᠋ᠢᠨ ᠪᠷᠥᠳ᠋ᠸᠸᠢ (Broadway)  ᠳ᠋ᠤᠨ ᠹᠷᠠᠨᠽ ᠲᠤᠨ᠋ᠸᠢ (Don frantz Tony) ᠵᠡᠷᠬᠡ ᠠᠯᠳᠠᠷᠳᠤ ᠬᠦᠭ᠍ᠵᠢᠮᠳᠣ ᠵᠦᠴᠤᠭᠡ ᠤᠶᠢᠯᠡᠳᠤᠭ᠍ᠴᠢ ᠪᠠ ᠦᠪᠤᠷ ᠮᠤᠩᠭ᠋ᠤᠯ ᠤᠨ ᠰᠢᠯᠢ ᠶ᠋ᠢᠨ ᠭᠣᠣᠯ ᠵᠡᠷᠭᠡ ᠤᠷᠤᠨ ᠨᠤᠲᠤᠭ ᠤᠨ ᠤᠷᠠᠯᠢᠭ ᠤᠨ ᠪᠦᠯᠬᠦᠮ ᠤᠨ ᠬᠦᠮᠤᠰ ᠲᠠᠢ ᠬᠠᠮᠳᠣ ᠪᠡᠷ ᠤᠶᠢᠯᠡᠳᠣᠭ᠍ᠰᠡᠨ ᠬᠦᠭ᠍ᠵᠢᠮᠳᠤ ᠵᠦᠴᠤᠭᠡ 《ᠬᠦᠰᠡᠯ ᠵᠡᠭᠦᠳᠤ ᠶᠢᠨ ᠨᠡᠶᠢᠰᠯᠡᠯ》 ᠨᠢ ᠬᠤᠪᠢᠯᠠᠢ ᠶ᠋ᠢᠨ ᠦᠨᠳᠤᠰᠤᠳᠡᠨ ᠪᠠ ᠱᠠᠰᠢᠨ ᠰᠤᠷᠳᠠᠬᠤᠨ ᠬᠡᠵᠣ ᠢᠯᠠᠭᠠᠯ ᠦᠬᠡᠢ ᠪᠡᠷ ᠡᠷᠳᠡᠮᠳᠡᠨ ᠮᠡᠷᠭᠡᠳ ᠢ ᠴᠤᠭᠯᠠᠭᠤᠯᠵᠣ᠂ ᠬᠠᠮᠳᠣ ᠪᠡᠷ ᠶᠤᠸᠠᠨ ᠤ ᠲᠡᠭᠡᠳᠤ ᠨᠡᠶᠢᠰᠯᠡᠯ ᠢ ᠪᠠᠶᠢᠭᠤᠯᠤᠭᠰᠠᠨ ᠦᠩᠬᠡᠷᠡᠯᠳᠠ ᠶ᠋ᠢ ᠶᠠᠷᠢᠭᠰᠠᠨ ᠪᠠᠶᠢᠨ᠎ᠠ᠃ ᠲᠡᠤᠬᠡᠳᠤ ᠵᠦ᠋ᠴᠤᠭᠡ 《ᠬᠤᠪᠢᠯᠠᠢ》 ᠳᠤ ᠲᠡᠬᠦᠨ ᠤ ᠠᠨᠠᠪᠠᠳ ᠲᠠᠯᠠᠢ ᠮᠡᠳᠣ ᠠᠭᠤᠵᠢᠮ ᠰᠡᠳᠬᠢᠯ᠂ ᠠᠳᠠᠯᠢ ᠪᠤᠰᠤ ᠲᠡᠷᠢᠬᠦᠨ ᠤ ᠰᠣᠶᠣᠯ ᠢ ᠦᠷᠬᠡᠨ ᠢᠶᠡᠷ ᠰᠢᠩᠭᠡᠭᠡᠳᠡᠭ ᠰᠡᠴᠡᠨ ᠤᠬᠠᠭᠠᠨ᠂《ᠲᠡᠭᠷᠢ ᠲᠤᠤᠷᠠᠬᠢ ᠡᠬᠡᠯ ᠠᠷᠠᠳ ᠪᠦᠷ ᠠᠳᠠᠯᠢᠬᠠᠨ》 ᠭᠡᠬᠦ ᠦᠵᠡᠯᠳᠠ ᠪᠡᠷ ᠤᠯᠣᠰ ᠢᠶᠡᠨ ᠵᠠᠰᠠᠳᠠᠭ ᠠᠤᠭ᠎ᠠ ᠪᠤᠲᠤᠯᠭ᠎ᠠ ᠶᠢ ᠲᠤᠰᠬᠠᠵᠦ᠂ ᠦᠵᠡᠭᠴᠢᠳ ᠲᠤ ᠬᠤᠪᠢᠯᠠᠢ ᠪᠠ ᠲᠡᠬᠦᠨ ᠤ ᠵᠠᠬᠢᠷᠭᠠᠨ ᠳ᠋ᠡᠬᠢ ᠶᠤᠸᠠᠨ ᠤ ᠲᠦᠷᠤ ᠶ᠋ᠢᠨ ᠤᠯᠤᠰ ᠲᠦᠷᠤ᠂ ᠡᠳ᠋ ᠤᠨ ᠵᠠᠰᠠᠭ᠂ ᠴᠡᠷᠢᠭ ‍ᠤᠨ ᠶᠠᠪᠤᠳᠠᠯ ᠂ ᠰᠤᠶᠣᠯ᠂ ᠰᠢᠨᠵᠢᠯᠡᠬᠦ ᠤᠬᠠᠭᠠᠨ᠂ ᠲᠸᠭ᠍ᠨᠤᠯᠤᠭᠢ᠂ ᠭᠠᠳᠠᠭᠠᠳᠣ ᠶᠠᠪᠤᠯᠴᠠᠭ᠎ᠠ ᠵᠡᠷᠬᠡ ᠲᠠᠯ᠎ᠠ ᠪᠡᠷ ᠬᠦᠮᠤᠨ ᠲᠦᠷᠤᠯᠬᠢᠳᠡᠨ ᠤ ᠪᠤᠯᠪᠠᠰᠤᠨ ᠪᠠ ᠲᠡᠤᠬᠡ ᠶ᠋ᠢᠨ ᠬᠦᠭ᠍ᠵᠢᠯᠳᠠ  ᠳ᠋ᠥ ᠦᠵᠡᠭᠦᠯᠤᠭ᠍ᠰᠡᠨ ᠬᠤᠪᠢ ᠨᠡᠮᠡᠷᠢ ᠶᠢ ᠬᠠᠷᠠᠭᠤᠯᠤᠭᠰᠠᠨ ᠪᠠᠶᠢᠨ᠎ᠠ᠃

ᠢᠷᠡᠯᠳᠡ᠄ ᠠᠷᠠᠳ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120682664