蒙古文网站Logo
ᠰᠢᠨᠬᠤᠸᠠ ᠮᠤᠩᠭ᠋ᠤᠯ ᠨᠧᠲ

ᠪᠡᠭᠡᠵᠢᠩ ᠤᠨ ᠬᠠᠭᠠᠨ ᠤ ᠤᠷᠳᠤᠨ ᠤ ᠮᠦᠽᠧᠢ ᠳᠤ ᠬᠠᠳᠠᠭᠠᠯᠠᠭᠳᠠᠵᠤ ᠪᠠᠶᠢᠭ᠎ᠠ ᠲᠡᠤᠬᠡ ᠶᠢᠨ ᠳᠤᠷᠠᠰᠬᠠᠯᠲᠤ ᠵᠦᠢᠯᠡᠰ ᠤᠨ ᠬᠠᠮᠤᠭ ᠤᠨ ᠰᠢᠨ᠎ᠠ ᠪᠦᠷᠢᠳᠭᠡᠯ ᠲᠤᠭ᠎ᠠ ᠶᠢ ᠨᠡᠶᠢᠲᠡᠯᠡᠪᠡ

2017-03-30 11:16

    ᠪᠡᠭᠡᠵᠢᠩ ᠤᠨ ᠬᠠᠭᠠᠨ ᠤ ᠤᠷᠳᠤᠨ ᠤ ᠮᠦᠽᠧᠢ ᠶᠢᠨ 2014-2016 ᠤᠨ ᠤ ᠬᠤᠭᠤᠷᠤᠨᠳᠤᠬᠢ ᠦᠵᠡᠮᠦᠷᠢ ᠶᠢᠨ ᠪᠤᠳᠠᠰ ᠢ ᠪᠦᠷᠢᠳᠭᠡᠬᠦ ᠠᠵᠢᠯ ᠤᠨ ᠳ᠋ᠦᠩᠨᠡᠯᠲᠡ ᠶᠢᠨ ᠬᠤᠷᠠᠯ 29  ᠤ ᠡᠳᠦᠷ ᠪᠡᠭᠡᠵᠢᠩ ᠳᠤ ᠶᠠᠪᠤᠭᠳᠠᠪᠠ᠂ ᠮᠦᠽᠸᠢ ᠶᠢᠨ ᠳᠠᠷᠤᠭ᠎ᠠ ᠱᠠᠨ ᠵᠶ᠋ᠢ ᠰᠢᠶᠠᠩ ᠮᠦᠽᠧᠢ ᠳᠤ ᠬᠠᠳᠠᠭᠠᠯᠠᠭᠳᠠᠵᠤ ᠪᠠᠶᠢᠭ᠎ᠠ ᠲᠡᠤᠬᠡ ᠶᠢᠨ ᠳᠤᠷᠠᠰᠬᠠᠯᠲᠤ ᠵᠦᠢᠯᠡᠰ ᠤᠨ ᠬᠠᠮᠤᠭ ᠤᠨ ᠰᠢᠨ᠎ᠠ ᠪᠦᠷᠢᠳᠭᠡᠯ  ᠢ ᠨᠡᠢᠢᠳᠡᠯᠡᠵᠦ᠂1862690 ᠵᠦᠢᠯᠡᠰ ᠪᠠᠢᠢᠨ᠎ᠠ᠃ 2010 ᠤᠨ ᠤ ᠬᠢ ᠲᠠᠢ ᠬᠠᠷᠢᠴᠠᠭᠤᠯᠪᠠᠯ᠂ ᠪᠡᠭᠡᠵᠢᠩ ᠤᠨ ᠬᠠᠭᠠᠨ ᠤ ᠤᠷᠳᠤᠨ ᠳᠤ 55132 ᠦᠵᠡᠮᠦᠷᠢ ᠶᠢᠨ ᠪᠤᠳᠠᠰ ᠰᠢᠨ᠎ᠠ ᠪᠡᠷ ᠨᠡᠮᠡᠭᠳᠡᠪᠠ᠃ ᠡᠭᠦᠨ ᠳᠤ ᠨᠡᠮᠡᠭᠳᠡᠴᠡ ᠨᠢ ᠬᠠᠷᠢᠴᠠᠩᠭ᠋ᠤᠢ ᠬᠤᠷᠳᠤᠨ ᠪᠠᠶᠢᠭ᠎ᠠ ᠲᠡᠤᠬᠡ ᠶᠢᠨ ᠳᠤᠷᠠᠰᠬᠠᠯᠲᠤ ᠵᠦᠢᠯᠡᠰ ᠤᠨ ᠲᠦᠷᠦᠯ ᠵᠦᠢᠯ ᠳᠤ ᠰᠢᠨ᠎ᠠ ᠪᠡᠷ ᠪᠦᠷᠢᠳᠭᠡᠭ᠍ᠳᠡᠭᠰᠡᠨ ᠲᠡᠭᠷᠢ ᠲᠡᠳᠭᠦ᠍ᠭ᠍ᠴᠢ ᠵᠢᠨ ᠭᠠᠷ ᠪᠢᠴᠢᠮᠡᠯ ᠪᠤᠯᠤᠨ ᠵᠠᠬᠢᠳᠠᠯ ᠤᠨ ᠬᠠᠭᠤᠳᠠᠰᠤ᠂ ᠨᠡᠶᠢᠲᠡ 726 ᠪᠠᠶᠢᠵᠤ᠂ ᠰᠢᠨ᠎ᠠ ᠪᠡᠷ ᠪᠦᠷᠢᠳᠭᠡᠭ᠍ᠳᠡᠭᠰᠡᠨ ᠶᠡᠰᠤᠨ ᠪᠢᠴᠢᠭ᠌ ᠤᠨ ᠲᠦᠷᠦᠯ ᠤᠨ ᠪᠤᠳᠠᠰ 16511ᠪᠠᠶᠢᠵᠤ᠂ ᠰᠢᠨ᠎ᠠ ᠪᠡᠷ ᠪᠦᠷᠢᠳᠭᠡᠭ᠍ᠳᠡᠭᠰᠡᠨ ᠱᠠᠭᠠᠵᠠᠩ ᠤᠨ ᠲᠦᠷᠦᠯ ᠤᠨ ᠪᠤᠳᠠᠰ 4425 ᠪᠠᠶᠢᠵᠤ᠂ ᠦᠯᠢᠭᠡᠷ ᠬᠡᠪ 7808 ᠪᠤᠢ᠃

    ᠱᠠᠨ ᠵᠶ᠋ᠢ ᠰᠢᠶᠠᠩ ᠤᠨᠴᠠᠭᠠᠶᠢᠯᠠᠨ ᠴᠢᠬᠤᠯᠠᠴᠢᠯᠠᠭᠰᠠᠨ ᠢᠶᠡᠷ᠂ ᠬᠠᠳᠠᠭᠠᠯᠠᠭᠳᠠᠵᠤ ᠪᠠᠶᠢᠭ᠎ᠠ ᠲᠡᠤᠬᠡ ᠶᠢᠨ ᠳᠤᠷᠠᠰᠬᠠᠯᠲᠤ ᠵᠦᠢᠯᠡᠰ ᠤᠨ ᠬᠠᠮᠤᠭ ᠤᠨ ᠲᠤᠮᠤ ᠤᠨᠴᠠᠯᠢᠭ ᠨᠢ《ᠤᠷᠪᠠᠭᠤ ᠫᠢᠷᠠᠮᠢᠳ᠋》 ᠤᠨ ᠪᠦᠲᠦᠴᠡ ᠲᠠᠢ ᠪᠠᠶᠢᠳᠠᠭ᠃ ᠦᠨᠡᠲᠤ ᠲᠡᠤᠬᠡ ᠶᠢᠨ ᠳᠤᠷᠠᠰᠬᠠᠯᠲᠤ ᠵᠦᠢᠯᠡᠰ ᠤᠨ ᠡᠵᠡᠯᠡᠬᠦ ᠬᠠᠷᠢᠴᠠᠯ ᠨᠢ 93.2%᠂ ᠡᠩ ᠤᠨ ᠲᠡᠤᠬᠡ ᠶᠢᠨ ᠳᠤᠷᠠᠰᠬᠠᠯᠲᠤ ᠵᠦᠢᠯᠡᠰ ᠤᠨ ᠡᠵᠡᠯᠡᠬᠦ ᠬᠠᠷᠢᠴᠠᠯ ᠨᠢ 6.4%᠂ ᠮᠠᠲ᠋ᠸᠷᠢᠶᠠᠯ ᠵᠦᠪᠬᠡᠨ 0.4% ᠶᠢ ᠯᠡ ᠡᠵᠡᠯᠡᠳᠡᠭ᠂ ᠪᠠᠷᠤᠭ ᠴᠦᠮ᠎ ᠢᠶᠡᠷ ᠤᠯᠤᠰ ᠤᠨ ᠦᠨᠡᠲᠤ ᠲᠡᠤᠬᠡ ᠶᠢᠨ ᠳᠤᠷᠠᠰᠬᠠᠯᠲᠤ ᠵᠦᠢᠯᠡᠰ ᠮᠦᠨ ᠭᠡᠯ᠎ᠠ᠃ ᠡᠨᠡᠬᠦ ᠤᠨᠴᠠᠯᠢᠭ ᠢᠶᠡᠨ ᠪᠠᠲᠤᠯᠠᠬᠤ ᠶᠢᠨ ᠲᠦᠯᠦᠭᠡ᠂ ᠪᠡᠭᠡᠵᠢᠩ ᠤᠨ ᠬᠠᠭᠠᠨ ᠤ ᠤᠷᠳᠤᠨ ᠤᠷᠴᠢᠨ ᠤᠳᠤ ᠦᠶ᠎ ᠠ ᠶᠢᠨ ᠪᠦᠲᠦᠭᠡᠯ ᠢ ᠬᠦᠯᠢᠶᠡᠨ ᠠᠪᠬᠤ ᠲᠠᠯ᠎ᠠ ᠪᠡᠷ ᠮᠠᠰᠢ ᠲᠦᠪ ᠴᠢᠩᠭ᠋᠎ᠠ ᠬᠠᠨᠳᠤᠵᠤ 《 ᠡᠩ ᠲᠡᠷᠢᠭᠦᠨ ᠳᠤ ᠵᠡᠪᠠᠯ ᠤᠳᠤ ᠦᠶ᠎ᠠ ᠶᠢᠨ ᠭᠠᠷᠮᠠᠭᠠᠢ ᠤᠷᠠᠯᠢᠭᠴᠢᠨ ᠪᠠᠶᠢᠬᠤ ᠬᠡᠷᠡᠭᠳᠡᠢ᠂ ᠳᠠᠷᠠᠭ᠎ᠠ ᠨᠢ ᠵᠠᠪᠠᠯ ᠲᠦᠯᠦᠭᠡᠯᠡᠬᠦ ᠪᠦᠲᠦᠭᠡᠯ ᠪᠠᠶᠢᠵᠤ᠂ ᠬᠠᠨᠳᠢᠪᠯᠠᠬᠤ ᠪᠤᠳᠠᠰ ᠨᠢ ᠠᠷᠪᠠ ᠡᠴᠡ ᠢᠯᠡᠭᠦᠦ ᠪᠠᠶᠢᠵᠤ ᠪᠤᠯᠬᠤ ᠦᠭᠡᠢ》᠃ (ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120724050