蒙古文网站Logo
ᠰᠢᠨᠬᠤᠸᠠ ᠮᠤᠩᠭ᠋ᠤᠯ ᠨᠧᠲ

ᠪᠤᠳᠤᠬᠳᠤ ᠬᠡᠪᠯᠡᠯ ᠤᠨ 《ᠱᠠᠬᠳᠠᠷ 〈ᠰᠤᠯᠢᠶᠠᠳᠤ〉》 ᠬᠡᠪᠯᠡᠭᠳᠡᠯ᠎ᠠ

2017-03-31 16:13

    ᠲᠦᠷᠦᠬᠦᠬᠡᠨ᠂ ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠲᠡᠬᠢᠨ ᠬᠡᠪᠯᠡᠬᠦᠯᠦᠭᠰᠡᠨ ᠪᠤᠳᠤᠬᠳᠤ ᠬᠡᠪᠯᠡᠯ ᠤᠨ 《ᠱᠠᠬᠳᠠᠷ 〈ᠰᠤᠯᠢᠶᠠᠳᠤ〉》 ᠨᠤᠮ ᠤᠡᠭᠰᠢᠬᠴᠢ ᠤᠯᠠᠨ ᠲᠠᠢ ᠵᠤᠯᠭᠠᠯ᠎ᠠ᠃

    ᠱᠠᠬᠳᠠᠷ᠂ 1869 ᠤᠨ ᠳᠤ ᠤᠳᠤ ᠶᠢᠨ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠨᠤᠳᠤᠭ ᠤᠨ ᠴᠢᠩᠷᠠᠰᠢ ᠶᠢᠨ ᠬᠡᠷ ᠲᠤ ᠲᠦᠷᠦᠵᠡᠢ᠃ ᠲᠤᠯᠤᠭᠠᠨ ᠨᠠᠰᠤᠨ ᠠᠴᠠ ᠪᠠᠨ ᠬᠢᠯᠦᠪᠡᠷ ᠵᠤᠤ ᠶᠢᠨ ᠰᠦᠮ᠎ᠠ ᠳᠤ ᠱᠠᠪᠢ ᠪᠤᠯᠵᠤ ᠭᠤᠴᠢᠨ ᠲᠠᠪᠤ ᠬᠦᠷᠳᠡᠯ᠎ᠠ ᠪᠤᠷᠬᠠᠨ ᠤ ᠶᠤᠰᠤ ᠶᠢ ᠮᠦᠷᠳᠡᠨ ᠯᠠᠮᠠ ᠶᠢᠨ ᠠᠮᠢᠳᠦᠷᠠᠯ ᠢ ᠬᠦᠬᠡᠬᠡᠵᠡᠢ᠃ ᠠᠪᠯᠢᠭᠠᠴᠢ ᠨᠤᠶᠠᠳ᠂ ᠰᠢᠨᠤᠬᠠᠢ ᠲᠦᠰᠢᠮᠡᠳ ᠤᠨ ᠮᠠᠳᠠᠯ ᠳᠤ ᠡᠷᠬᠡᠰᠢᠶᠡᠭᠳᠡᠭᠰᠡᠨ ᠨᠡᠶᠢᠬᠡᠮ ᠤᠨ ᠬᠠᠷᠠᠩᠭ᠋ᠤᠢ ᠶᠢ ᠦᠵᠡᠬᠡᠳ ᠲᠡᠰᠴᠤ ᠶᠠᠳᠠᠨ ᠱᠠᠬᠳᠠᠷ ᠭᠤᠸᠠᠢ ᠭᠤᠴᠢᠨ ᠲᠠᠪᠤᠨ ᠨᠠᠰᠤᠨ ᠳᠠᠭᠠᠨ ᠬᠢᠯᠦᠪᠡᠷ ᠵᠤᠤ ᠠᠴᠠ ᠭᠠᠷᠴᠤ ᠵᠢᠷᠠᠨ ᠨᠠᠰᠤ ᠬᠦᠷᠳᠡᠯ᠎ᠡ ᠪᠠᠨ ᠵᠤᠤ ᠤᠳᠠ᠂ ᠰᠢᠯᠢ ᠶᠢᠨ ᠭᠤᠤᠯ ᠢᠶᠠᠷ ᠲᠤᠭᠤᠷᠢᠨ ᠨᠡᠶᠢᠬᠡᠮ ᠤᠨ ᠭᠠᠵᠢ ᠪᠤᠷᠤᠭᠤ ᠶᠢ ᠬᠤᠷᠴᠡ ᠬᠡᠯᠡ ᠬᠤᠱᠤᠩ ᠦᠬᠡ ᠪᠠᠷ ᠢᠶᠠᠨ ᠶᠤᠵᠤᠯᠠᠨ ᠶᠠᠪᠤᠵᠠᠢ᠃ ᠮᠤᠩᠭ᠋ᠤᠯ ᠤᠷᠤᠨ ᠳᠤ ᠦᠷᠬᠡᠨ ᠢᠶᠠᠷ ᠲᠡᠯᠬᠡᠷᠡᠵᠤ ᠵᠠᠭᠤᠨ ᠤᠨ ᠤ ᠰᠢᠭᠰᠢᠯᠬᠡ ᠶᠢ ᠲᠠᠭᠠᠭᠠᠬᠰᠠᠨ ᠱᠠᠬᠳᠠᠷ ᠤᠨ ᠦᠯᠢᠬᠡᠷ ᠴᠠᠭ ᠠᠴᠠ ᠪᠠᠨ ᠦᠩᠬᠡᠷᠡᠨ᠎ᠡ ᠬᠡᠵᠤ ᠦᠬᠡᠢ ᠠᠵᠢ᠃

    《ᠱᠠᠬᠳᠠᠷ 〈ᠰᠤᠯᠢᠶᠠᠳᠤ〉》 ᠬᠡᠬᠦ ᠨᠤᠮ 1959 ᠤᠨ ᠳᠤ ᠠᠩᠬ᠎ᠠ ᠤᠳᠠᠭ᠎ᠠ ᠬᠡᠪᠯᠡᠭᠳᠡᠭᠰᠡᠨ ᠠᠴᠠ ᠪᠠᠨ ᠠᠪᠤᠭᠠᠳ ᠤᠳᠤ ᠪᠤᠯᠳᠠᠯ᠎ᠠ ᠲᠦᠷᠪᠡᠳᠡᠬᠢ ᠤᠳᠠᠭ᠎ᠠ ᠪᠠᠨ ᠬᠡᠪᠯᠡᠭᠳᠡᠵᠤ ᠪᠠᠶᠢᠨ᠎ᠠ᠃ ᠡᠨᠡ ᠤᠳᠠᠭ᠎ᠠ ᠶᠢᠨ ᠪᠤᠳᠤᠬᠳᠤ ᠵᠢᠷᠤᠭ ᠤᠷᠠᠯᠠᠯ ᠪᠦᠬᠦᠢ ᠡᠨᠡᠬᠦ ᠨᠤᠮ ᠨᠢ ᠤᠩᠰᠢᠬᠴᠢ ᠤᠯᠠᠨ ᠤ ᠰᠠᠨᠠᠭᠠᠨ ᠳᠤ ᠲᠠᠭᠠᠯᠠᠬᠳᠠᠬᠤ ᠨᠢ ᠯᠠᠪᠳᠠᠢ᠃

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠭᠡᠨ ᠤ ᠰᠦᠯᠵᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120733594