蒙古文网站Logo
ᠰᠢᠨᠬᠤᠸᠠ ᠮᠤᠩᠭ᠋ᠤᠯ ᠨᠧᠲ

ᠬᠤᠶᠠᠳᠡᠬᠢ ᠡᠭᠡᠯᠵᠢ ᠶᠢᠨ《 ᠳᠤᠮᠳᠠᠳᠤ ᠶᠢᠨ ᠰᠢᠨ᠎᠎ᠠ ᠳᠠᠭᠤᠨ》 ᠲᠡᠮᠡᠴᠡᠭᠡᠨ ᠤ ᠬᠦᠬᠡᠬᠤᠲᠠ ᠳᠡᠬᠢ ᠰᠢᠯᠭᠠᠷᠠᠭᠤᠯᠤᠯᠲᠠ ᠤᠳᠠᠬᠤ ᠦᠭᠡᠢ ᠡᠬᠢᠯᠡᠨ᠎ᠠ ᠍

2017-04-04 11:29

    ᠰᠢᠨᠬᠤᠸᠠ ᠮᠣᠩᠭᠣᠯ ᠨᠸᠲ   ᠬᠦᠬᠡᠬᠤᠲᠠ ᠶᠢᠨ 4 ᠰᠠᠷ᠎ᠠ ᠶᠢᠨ 2 ᠤᠨ ᠡᠳᠦᠷ ᠤᠨ ᠴᠠᠬᠢᠯᠠᠭᠠᠨ ᠮᠡᠳᠡᠭᠡ ( ᠬᠡᠤᠬᠡᠨᠰᠤᠯᠢ ) 2 ᠤᠨ ᠡᠳᠦᠷ᠂ ᠬᠤᠶᠠᠳᠡᠬᠢ ᠡᠭᠡᠯᠵᠢ ᠶᠢᠨ《 ᠳᠤᠮᠳᠠᠳᠤ ᠶᠢᠨ ᠰᠢᠨ᠎᠎ᠠ ᠳᠠᠭᠤᠨ》 ᠲᠡᠮᠡᠴᠡᠭᠡᠨ ᠤ ᠬᠦᠬᠡᠬᠤᠲᠠ ᠳᠡᠬᠢ ᠰᠢᠯᠭᠠᠷᠠᠭᠤᠯᠤᠯᠲᠠ ᠶᠢᠨ ᠬᠡᠪᠯᠡᠯ ᠮᠡᠳᠡᠭᠡᠯᠡᠯ ᠤᠨ ᠬᠤᠷᠠᠯ ᠡᠴᠡ ᠤᠶᠢᠯᠠᠭᠠᠭᠰᠠᠨ ᠢᠶᠡᠷ᠂ ᠲᠤᠰ ᠤᠳᠠᠭᠠᠨ ᠤ ᠬᠦᠬᠡᠬᠤᠲᠠ ᠳᠡᠬᠢ ᠰᠢᠯᠭᠠᠷᠠᠭᠤᠯᠤᠯᠲᠠ ᠨᠢ 4 ᠰᠠᠷ᠎ᠠ ᠶᠢᠨ8 ᠤ ᠡᠳᠦᠷ ᠡᠴᠡ ᠡᠬᠢᠯᠡᠨ ᠠᠯᠪᠠᠨ ᠶᠤᠰᠤᠭᠠᠷ ᠡᠬᠢᠯᠡᠬᠦ ᠪᠤᠯᠤᠨ᠎ᠠ᠃

    ᠤᠶᠢᠯᠠᠭᠠᠭᠰᠠᠨ ᠢᠶᠡᠷ᠂ ᠲᠤᠰ ᠤᠳᠠᠭᠠᠨ ᠤ ᠰᠢᠯᠭᠠᠷᠠᠭᠤᠯᠤᠯᠲᠠ ᠪᠡᠷ ᠠᠩᠬᠠᠨ ᠤ ᠰᠢᠯᠭᠠᠷᠠᠭᠤᠯᠤᠯᠲᠠ᠂ ᠬᠤᠲᠠ ᠶᠢᠨ ᠳᠡᠰ ᠤᠨ ᠲᠡᠮᠡᠴᠡᠭᠡᠨ᠂ ᠤᠷᠤᠨ ᠤ ᠳᠡᠰ ᠤᠨ ᠲᠡᠮᠡᠴᠡᠭᠡᠨ ᠭᠡᠬᠦ ᠭᠤᠷᠪᠡᠨ ᠱᠠᠲᠤ ᠪᠡᠷ ᠨᠡᠶᠢᠲᠡ 20 ᠲᠠᠯᠠᠪᠠᠢ ᠲᠡᠮᠡᠴᠡᠭᠡᠨ ᠵᠤᠬᠢᠶᠠᠨ ᠪᠠᠶᠢᠭᠤᠯᠵᠤ᠂ ᠤᠯᠤᠰ ᠳᠠᠶᠠᠭᠠᠷ ᠤᠨ ᠲᠡᠮᠡᠴᠡᠭᠡᠨ ᠳᠤ ᠤᠷᠤᠯᠴᠠᠬᠤ ᠬᠦᠮᠦᠰ ᠢ ᠰᠢᠯᠭᠠᠷᠠᠭᠤᠯᠤᠨ᠎ᠠ᠃ ᠳᠠᠭᠤᠤ ᠬᠦᠭ᠍ᠵᠢᠮ ᠳᠤ ᠰᠤᠨᠢᠷᠬᠠᠯ ᠲᠠᠢ ᠬᠦᠮᠦᠰ ᠬᠤᠶᠠᠳᠡᠬᠢ ᠡᠭᠡᠯᠵᠢ ᠶᠢᠨ《 ᠳᠤᠮᠳᠠᠳᠤ ᠶᠢᠨ ᠰᠢᠨ᠎᠎ᠠ ᠳᠠᠭᠤᠨ》 ᠲᠡᠮᠡᠴᠡᠭᠡᠨ ᠤ ᠨᠸᠲ  ᠢᠶᠡᠷ ᠨᠡᠷ᠎ᠠ ᠪᠦᠷᠢᠳᠭᠡᠭᠦᠯᠬᠦ ᠪᠤᠶᠤ ᠬᠦᠬᠡᠬᠤᠲᠠ ᠳᠡᠬᠢ ᠲᠡᠮᠡᠴᠡᠭᠡᠨ ᠤ ᠵᠤᠬᠢᠶᠠᠨ ᠪᠠᠶᠢᠭᠤᠯᠬᠤ ᠺᠤᠮᠢᠰ ᠲᠠᠢ ᠬᠠᠷᠢᠯᠴᠠᠵᠤ ᠨᠡᠷ᠎ᠠ ᠪᠦᠷᠢᠳᠭᠡᠭᠦᠯᠵᠤ ᠪᠤᠯᠤᠨ᠎ᠠ᠃

    ᠬᠦᠬᠡᠬᠤᠲᠠ ᠳᠡᠬᠢ ᠲᠡᠮᠡᠴᠡᠭᠡᠨ ᠢ ᠵᠤᠬᠢᠶᠠᠨ ᠪᠠᠶᠢᠭᠤᠯᠬᠤ ᠲᠠᠯ᠎ᠠ ᠶᠢᠨ ᠬᠠᠷᠢᠭᠤᠴᠠᠯᠭᠠᠲᠠᠨ ᠠᠨ ᠱᠦ᠋ ᠸᠸᠨ᠂ ᠡᠯ᠎ᠠ᠎ ᠬᠡᠪᠯᠡᠯ ᠮᠡᠳᠡᠭᠡᠯᠡᠯ ᠤᠨ ᠪᠠᠶᠢᠭᠤᠯᠤᠯᠭ᠎ᠠ ᠪᠤᠯᠤᠨ ᠠᠵᠤ ᠠᠬᠤᠶᠢᠯᠠᠯ ᠤᠨ ᠨᠢᠭᠡᠴᠡ ᠮᠠᠨ ᠤ ᠡᠨᠡᠬᠦ ᠠᠵᠢᠯᠯᠠᠭ᠎ᠠ ᠶᠢ ᠳᠡᠮᠵᠢᠬᠦ ᠶᠢ ᠬᠦᠰᠡᠵᠤ ᠪᠠᠶᠢᠨ᠎ᠠ᠂ ᠲᠡᠮᠡᠴᠡᠭᠡᠨ ᠤ ᠠᠵᠢᠯᠯᠠᠭ᠎ᠠ ᠪᠡᠨ ᠰᠠᠶᠢᠳᠤᠷ ᠬᠢᠬᠦ ᠶᠢᠨ ᠬᠠᠮᠲᠤ ᠬᠦᠬᠡᠬᠤᠲᠠ ᠶᠢᠨ ᠤᠤᠭᠠᠯ ᠰᠤᠶᠤᠯ ᠤᠨ ᠠᠵᠤ ᠦᠢᠯᠡᠰ ᠤᠨ ᠬᠦᠭ᠍ᠵᠢᠯᠲᠠ ᠶᠢ ᠪᠢᠲᠡ ᠬᠠᠮᠲᠤᠪᠠᠷ ᠠᠬᠢᠭᠤᠯᠤᠶ᠎ᠠ ᠭᠡᠯ᠎ᠠ᠃

ᠢᠷᠡᠯᠳᠡ᠄ ᠰᠢᠨᠬᠤᠸᠠ ᠮᠣᠩᠭᠣᠯ ᠨᠸᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120748550