蒙古文网站Logo
ᠰᠢᠨᠬᠤᠸᠠ ᠮᠤᠩᠭ᠋ᠤᠯ ᠨᠧᠲ

《ᠴᠠᠭᠠᠨ ᠪᠤᠭᠤᠳᠦ ᠶᠢᠨ ᠰᠢᠯᠢ》 ᠶ᠋ᠢ ᠨᠡᠪᠲᠡᠷᠡᠬᠦᠯᠬᠦ ᠪᠠᠷ ᠪᠠᠶᠢᠨ᠎ᠠ

2017-04-11 11:26

    4 ᠰᠠᠷ᠎ᠠ ᠶᠢᠨ 16 ᠤ ᠡᠳᠦᠷ ᠠᠴᠠ ᠡᠬᠢᠯᠡᠨ 80 ᠪᠦᠯᠦᠭᠳᠦ ᠦᠷᠬᠦᠯᠵᠢᠯᠡᠭᠰᠡᠨ ᠲᠧᠯᠸᠢᠰ ᠵᠦᠴᠦᠬᠡ《ᠴᠠᠭᠠᠨ ᠪᠤᠭᠤᠳᠦ ᠶᠢᠨ ᠰᠢᠯᠢ》 ᠶ᠋ᠢ ᠵᠢᠶᠠᠩᠰᠦ ᠶᠢᠨ ᠤᠳᠤᠨ ᠲᠧᠯᠸᠢᠰ ᠢᠶᠠᠷ ᠠᠩᠬ᠎ᠠ ᠨᠡᠪᠳᠡᠷᠡᠬᠦᠯᠬᠦ ᠪᠠᠷ ᠪᠠᠶᠢᠨ᠎ᠠ᠃ ᠲᠤᠰ ᠦᠷᠬᠦᠯᠵᠢᠯᠡᠭᠰᠡᠨ ᠲᠧᠯᠸᠢᠰ ᠵᠦᠴᠦᠬᠡ ᠨᠢ《ᠴᠠᠭᠠᠨ ᠪᠤᠭᠤᠳᠦ ᠶᠢᠨ ᠰᠢᠯᠢ》ᠬᠡᠬᠦ ᠷᠤᠮᠠᠨ ᠢ ᠦᠬᠡᠷᠡᠴᠢᠯᠡᠨ ᠨᠠᠶᠢᠷᠠᠭᠤᠯᠤᠬᠰᠠᠨ ᠶᠤᠮ᠃

    《ᠴᠠᠭᠠᠨ ᠪᠤᠭᠤᠳᠦ ᠶᠢᠨ ᠰᠢᠯᠢ》ᠪᠤᠯ ᠠᠯᠳᠠᠷᠳᠤ ᠵᠤᠬᠢᠶᠠᠯᠴᠢ ᠴᠧᠨ ᠵᠦᠡᠭ ᠱᠢ ᠶᠢᠨ ᠲᠦᠯᠦᠭᠡᠯᠡᠭᠴᠢ ᠪᠦᠳᠦᠬᠡᠯ ᠪᠤᠯᠤᠨ᠎ᠠ᠃ ᠷᠤᠮᠠᠨ ᠳᠤ᠂ ᠱᠠᠨᠰᠢ ᠶᠢᠨ ᠭᠤᠸᠠᠨ ᠵᠦᠡᠭ ᠭᠡᠰᠡᠭ ᠤᠨ ᠴᠠᠭᠠᠨ ᠪᠤᠭᠤᠳᠤ ᠶᠢᠨ ᠲᠤᠰᠬᠤᠨ ᠢᠶᠠᠷ ᠠᠷᠤ ᠦᠵᠡᠭᠳᠡᠯ ᠪᠤᠯᠭᠠᠨ᠂ ᠪᠠᠢ ᠪᠤᠯᠤᠨ ᠯᠦ ᠬᠤᠶᠡᠷ ᠤᠪᠤᠭᠳᠠᠨ ᠤ ᠭᠤᠷᠪᠠᠨ ᠦᠶ᠎ᠠ ᠶᠢᠨ ᠬᠦᠮᠦᠰ ᠤᠨ ᠬᠠᠶᠢᠷ᠎ᠠ ᠬᠤᠷᠤᠰᠤᠯ ᠢ ᠲᠤᠭᠠᠴᠢᠬᠤ ᠪᠠᠷ ᠲᠠᠮᠵᠢᠨ᠂ ᠴᠢᠩ ᠤᠨ ᠰᠡᠬᠦᠯᠴᠢ ᠠᠴᠠ ᠬᠤᠷᠢᠳᠤᠭᠠᠷ ᠵᠠᠭᠤᠨ ᠤ ᠲᠠᠯᠠ ᠨᠠᠶᠠᠭᠠᠳ ᠤᠨ ᠪᠤᠯᠳᠠᠯᠠᠬᠢ ᠬᠠᠭᠠᠰ ᠵᠠᠭᠤᠨ ᠭᠠᠷᠤᠢ ᠶᠢᠨ ᠲᠡᠤᠬᠡ ᠶᠢᠨ ᠬᠤᠪᠢᠷᠠᠯᠳᠠ ᠶᠢ ᠵᠢᠷᠤᠭᠯᠠᠬᠰᠠᠨ ᠪᠠᠶᠢᠳᠠᠭ᠃ ᠲᠤᠰ ᠷᠤᠮᠠᠨ 1993 ᠤᠨ ᠳᠤ ᠬᠡᠪᠯᠡᠭᠳᠡᠭᠰᠠᠨ ᠤ ᠲᠠᠷᠠᠭ᠎ᠠ ᠮᠠᠨ ᠤ ᠤᠯᠤᠰ ᠤᠨ ᠤᠳᠬ᠎ᠠ ᠵᠤᠬᠢᠶᠠᠯ ᠤᠨ ᠬᠦᠷᠢᠶᠠᠨ ᠳᠤ ᠶᠡᠬᠡᠬᠡᠨ ᠲᠤᠷᠬᠢᠯᠳᠠ ᠪᠤᠯᠤᠬᠰᠠᠨ ᠪᠦᠬᠡᠳ 1997 ᠤᠨ ᠳᠤ ᠴᠧᠨ ᠵᠦᠡᠭ ᠱᠢ ᠲᠤᠰ ᠷᠤᠮᠠᠨ ᠢᠶᠠᠷ ᠢᠶᠠᠨ ᠮᠤᠤ ᠳ᠋ᠦᠨ ᠤᠳᠬ᠎ᠠ ᠵᠤᠬᠢᠶᠡᠯ ᠤᠨ ᠱᠠᠩᠨᠠᠯ ᠬᠦᠷᠳᠡᠭᠰᠠᠨ ᠶᠤᠮ᠃

    《ᠴᠠᠭᠠᠨ ᠪᠤᠭᠤᠳᠦ ᠶᠢᠨ ᠰᠢᠯᠢ》ᠷᠤᠮᠠᠨ ᠨᠢ ᠤᠷᠢᠳᠦ ᠬᠤᠵᠢᠳ ᠶᠠᠷᠢᠶᠠᠳᠦ ᠵᠦᠴᠦᠬᠡ᠂ ᠪᠦᠵᠢᠭᠳᠦ ᠵᠦᠴᠦᠬᠡ᠂ ᠺᠢᠨᠣ᠋ ᠵᠡᠷᠬᠡ ᠤᠯᠠᠨ ᠲᠦᠷᠤᠯ ᠤᠨ ᠤᠷᠠᠯᠢᠭ ᠤᠨ ᠬᠡᠯᠪᠡᠷᠢ ᠪᠠᠷ ᠲᠤᠭᠯᠠᠭᠳᠠᠵᠦ ᠪᠠᠶᠢᠬᠰᠠᠨ ᠶᠤᠮ᠃ ᠬᠡᠪᠡᠴᠦ ᠦᠷᠬᠦᠯᠵᠢᠯᠡᠭᠰᠡᠨ ᠲᠧᠯᠸᠢᠰ ᠵᠦᠴᠦᠬᠡ ᠪᠤᠯᠭᠠᠨ ᠨᠠᠶᠢᠷᠠᠭᠤᠯᠬᠤ ᠳᠤ ᠬᠠᠷᠢᠨ ᠮᠠᠰᠢ ᠤᠯᠠᠨ ᠬᠦᠴᠢᠷ ᠲᠦᠪᠡᠭ ᠢ ᠲᠤᠭᠤᠯᠵᠡᠢ᠃ ᠲᠧᠯᠸᠢᠰ ᠵᠦᠴᠦᠬᠡ ᠶᠢ ᠠᠯᠢ ᠡᠷᠳᠡ ᠠᠴᠠ ᠰᠡᠬᠦᠳᠡᠷᠯᠡᠬᠦ ᠲᠦᠯᠦᠪᠯᠡᠭᠡ ᠲᠠᠢ ᠪᠠᠶᠢᠬᠰᠠᠨ ᠪᠤᠯᠪᠠᠴᠦ 2010 ᠤᠨ ᠳᠤ ᠰᠠᠶ᠋ᠢ ᠵᠦᠪᠰᠢᠶᠡᠷᠡᠯ ᠤᠯᠵᠦ᠂ 2015 ᠤᠨ ᠤ 5 ᠰᠠᠷ᠎ᠠ ᠠᠴᠠ ᠡᠬᠢᠯᠡᠨ ᠰᠡᠬᠦᠳᠡᠷᠯᠡᠵᠡᠢ᠃ 2016 ᠤᠨ ᠤ 1 ᠰᠠᠷ᠎ᠠ ᠳᠤ ᠵᠦᠴᠦᠬᠡ ᠶᠢᠨ ᠰᠡᠬᠦᠳᠡᠷᠯᠡᠬᠦ ᠠᠵᠢᠯ ᠢ ᠲᠠᠭᠤᠰᠬᠠᠭᠠᠳ᠂ ᠬᠠᠶᠢᠴᠢᠯᠠᠨ ᠦᠢᠯᠡᠳᠬᠦ ᠱᠠᠳᠤᠨ ᠳᠤ ᠤᠷᠤᠬᠤ ᠳᠤ᠂ ᠲᠤᠬᠠᠢᠢᠯᠠᠪᠠᠯ 2016 ᠤᠨ ᠤ 4 ᠰᠠᠷ᠎ᠠ ᠶᠢᠨ 29 ᠤ ᠡᠳᠦᠷ ᠴᠧᠨ ᠵᠦᠡᠭ ᠱᠢ ᠨᠠᠰᠤᠳᠠᠨ ᠨᠠᠰᠦ ᠪᠠᠷᠠᠬᠰᠠᠨ ᠪᠠᠶᠢᠯ᠎ᠠ᠃ ᠡᠨᠡ ᠨᠢ ᠵᠦᠴᠦᠬᠡ ᠶᠢᠨ ᠪᠦᠯᠬᠦᠮ ᠤᠨ ᠬᠢᠨ ᠳᠤ ᠶᠡᠬᠡᠬᠡᠨ ᠴᠤᠬᠢᠯᠳᠠ ᠪᠤᠯᠤᠬᠰᠠᠨ ᠪᠤᠯᠪᠠᠴᠦ᠂ ᠭᠠᠰᠢᠭᠤᠳᠠᠯ ᠢᠶᠠᠨ ᠬᠦᠴᠦᠨ ᠪᠤᠯᠭᠠᠨ ᠴᠢᠷᠮᠠᠶᠢᠬᠤ ᠯᠠ ᠬᠡᠷᠡᠭᠳᠡᠢ ᠪᠠᠶᠢᠯ᠎ᠠ᠃

    《ᠪᠢᠳᠡ ᠵᠦᠴᠦᠬᠡ ᠶᠢᠨ ᠵᠢᠷᠤᠭ ᠲᠦᠷᠰᠦ᠂ ᠠᠶ᠎ᠠ ᠲᠠᠭᠤᠤ᠂ ᠬᠦᠳᠡᠯᠬᠡᠬᠡᠨᠳᠦ ᠦᠵᠡᠭᠳᠡᠯ ᠵᠡᠷᠬᠡ ᠭᠤᠭᠴᠤᠭ᠎ᠠ ᠪᠤᠯᠭᠠᠨ ᠢ ᠮᠠᠰᠢ ᠨᠠᠷᠢᠯᠢᠭ ᠲᠦᠰᠦᠪᠯᠡᠨ ᠦᠢᠯᠡᠳᠴᠡᠢ᠃ ᠵᠦᠴᠦᠬᠡ ᠪᠠᠷ ᠲᠠᠮᠵᠢᠨ ᠲᠡᠤᠬᠡ ᠶᠢ ᠲᠠᠬᠢᠨ ᠢᠯᠡᠷᠡᠬᠦᠯᠬᠦ ᠶᠢ ᠮᠠᠰᠢ ᠬᠢᠴᠢᠶᠡᠭᠰᠡᠨ ᠶᠤᠮ᠂ ᠴᠧᠨ ᠵᠦᠡᠭ ᠱᠢ ᠨᠠᠰᠤᠳᠠᠨ ᠤ ᠡᠶᠢᠮᠦ ᠰᠤᠩᠭᠤᠳᠠᠬ ᠪᠦᠳᠦᠬᠡᠯ ᠳᠤ ᠰᠠᠭᠤᠷᠢᠯᠠᠬᠰᠠᠨ ᠪᠤᠯᠬᠤᠷ ᠪᠢᠳᠡ ᠢᠳᠡᠬᠡᠯ ᠲᠡᠬᠦᠯᠳᠡᠷ ᠪᠠᠶᠢᠨ᠎ᠠ》 ᠬᠡᠵᠦ ᠱᠠᠨᠰᠢ ᠶᠢᠨ ᠭᠤᠸᠠᠩ ᠵᠦᠡᠭ ᠺᠢᠨᠣ᠋ ᠦᠢᠯᠡᠳᠬᠦ ᠺᠤᠮᠫᠠᠨᠢ ᠶᠢᠨ ᠭᠡᠷᠡᠭ ᠮᠡᠳᠡᠭᠴᠢᠳ ᠤᠨ ᠲᠠᠷᠤᠭ᠎ᠠ ᠵᠤᠤ ᠠᠨ ᠶᠠᠷᠢᠨ᠎ᠠ᠃

    ᠺᠢᠨᠣ᠋ ᠳᠤ᠂ ᠵᠠᠩ ᠵᠢᠶᠡ ᠢ᠂ ᠾᠧ ᠪᠢᠡᠭ᠂ ᠴᠢᠨ ᠬᠠᠢ ᠯᠦ᠂ ᠯᠢᠤ ᠫᠸᠢ ᠴᠢ᠂ ᠯᠸᠢ ᠵᠢᠶᠠ ᠶᠢᠨ᠂ ᠵᠠᠢ ᠲᠢᠶᠠᠨ ᠯᠢᠨ᠂ ᠳ᠋ᠦᠡᠭ ᠵᠢᠶᠧ ᠵᠡᠷᠬᠡ ᠠᠬᠠᠮᠠᠳ ᠵᠠᠯᠠᠭᠤ ᠲᠤᠭᠯᠠᠭᠴᠢᠳ ᠤᠷᠤᠯᠴᠠᠭᠰᠠᠨ ᠪᠦᠭᠡᠳ ᠲᠡᠤᠬᠡᠨ ᠠᠬᠤᠢ᠂ ᠤᠷᠤᠨ ᠨᠤᠳᠤᠭ ᠤᠨ ᠰᠤᠶᠤᠯ ᠢᠷᠬᠡᠨᠰᠢᠯ᠂ ᠨᠤᠳᠤᠭ ᠤᠰᠤᠨ ᠤ ᠤᠨᠴᠠᠯᠢᠭ ᠢ ᠮᠠᠰᠢ ᠭᠤᠶᠢᠳᠠ ᠰᠠᠶᠢᠬᠠᠨ ᠵᠢᠷᠤᠭᠯᠠᠬᠰᠠᠨ ᠪᠠᠶᠢᠳᠠᠭ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120701120787278