蒙古文网站Logo
ᠰᠢᠨᠬᠤᠸᠠ ᠮᠤᠩᠭ᠋ᠤᠯ ᠨᠧᠲ

ᠪᠡ‍ · ᠪᠢᠯᠢᠭ᠌ ᠤᠨ ᠱᠤᠭ ᠵᠢᠷᠤᠭ ᠤᠨ ᠪᠦᠲᠦᠭᠡᠯ ᠲᠡᠬᠢᠨᠲᠠ ᠤᠯᠤᠰ ᠳᠠᠶᠠᠭᠠᠷ ᠤᠨ ᠠᠯᠲᠠᠨ ᠮᠸᠳ᠋ᠠᠯ ᠲᠤᠰᠪᠠ

2017-04-11 16:37

    

    ᠰᠡᠭᠦᠯ ᠤᠨ ᠦᠶ᠎ᠠ ᠳᠤ᠂ ᠭᠤᠸᠠᠩᠳᠦ᠋ᠩ ᠮᠤᠵᠢ ᠶᠢᠨ ᠤᠷᠠᠨ ᠵᠢᠷᠤᠭᠴᠢᠳ ᠤᠨ ᠨᠡᠶᠢᠭᠡᠮᠯᠢᠭ᠌ ᠤᠨ ᠱᠤᠭ ᠵᠢᠷᠤᠭ ᠤᠨ ᠤᠷᠠᠯᠢᠭ ᠤᠨ ᠵᠦᠪᠯᠡᠯ ᠡᠴᠡ ᠵᠤᠬᠢᠶᠠᠨ ᠪᠠᠶᠢᠭᠤᠯᠤᠭᠰᠠᠨ ᠠᠩᠬᠠᠳᠠᠭᠴᠢ ᠬᠤᠭᠤᠴᠠᠭᠠᠨ ᠤ《 ᠠᠷᠪᠡᠨ ᠬᠤᠶᠠᠷ ᠵᠢᠯ ᠤᠨ ᠰᠤᠶᠤᠯ ᠢᠶᠡᠷ ᠰᠡᠳᠦᠪᠯᠡᠭᠰᠡᠨ ᠲᠦᠷᠰᠦᠯᠡᠬᠦ ᠤᠷᠠᠯᠢᠭ ᠤᠨ ᠤᠷᠤᠯᠳᠤᠭᠠᠨ》 ᠳᠤ ᠰᠢᠯᠢ ᠶᠢᠨ ᠭᠤᠤᠯ ᠠᠶᠢᠮᠠᠭ ᠤᠨ ᠨᠡᠷᠡᠲᠤ ᠱᠤᠭ ᠵᠢᠷᠤᠭᠴᠢᠨ ᠪᠡ‍ · ᠪᠢᠯᠢᠭ᠌ ᠤᠨ 《 ᠬᠦᠦ ᠲᠠᠢ ᠪᠤᠯᠤᠯ᠎ᠠ》 ᠭᠡᠬᠦ ᠪᠦᠲᠦᠭᠡᠯ ᠨᠢ ᠠᠯᠲᠠᠨ ᠮᠸᠳ᠋ᠠᠯ ᠲᠤᠰᠤᠭᠰᠠᠨ ᠪᠠᠶᠢᠨ᠎ᠠ᠃ ᠲᠤᠰ ᠪᠦᠲᠦᠭᠡᠯ ᠨᠢ ᠵᠢᠷᠤᠯᠭ᠎ᠠ ᠲᠤᠪᠴᠢ ᠠᠪᠰᠠᠷᠬᠠᠨ ᠪᠠᠶᠢᠵᠤ᠂ ᠠᠪᠤ ᠡᠵᠢ ᠪᠤᠯᠤᠭᠰᠠᠨ ᠬᠤᠶᠠᠷ ᠲᠡᠬᠢᠶ᠎ᠠ ᠨᠢ ᠤᠯᠠᠭᠠᠨ ᠬᠡᠪᠢᠰ ᠤᠨ ᠬᠠᠵᠠᠭᠤ ᠳᠤ ᠮᠡᠬᠦ᠋ᠢᠨ ᠵᠤᠭᠰᠤᠵᠤ᠂ ᠦᠨᠳᠡᠭᠡᠨ ᠬᠠᠯᠢᠰᠤᠨ ᠡᠴᠡ ᠨᠡᠪᠴᠢᠨ ᠭᠠᠷᠴᠤ ᠢᠷᠡᠭᠡ ᠴᠤᠷᠪᠠᠭ᠎ᠠ ᠪᠡᠨ ᠬᠦᠨᠳᠦᠳᠭᠡᠨ ᠤᠭᠲᠤᠨ ᠠᠪᠴᠤ᠂ ᠪᠢᠴᠢᠬᠠᠨ ᠴᠤᠷᠪᠠᠭ᠎ᠠ ᠴᠠᠭᠡᠵᠢ ᠳᠦᠷᠢᠨ ᠤᠮᠤᠭ ᠪᠠᠷᠳᠠᠮ ᠤᠯᠠᠭᠠᠨ ᠬᠡᠪᠢᠰ ᠳᠡᠭᠡᠭᠦᠷ ᠠᠯᠬᠤᠯᠠᠵᠤ ᠪᠠᠶᠢᠭ᠎ᠠ ᠪᠡᠷ ᠵᠢᠷᠤᠭᠯᠠᠵᠤ᠂ ᠤᠳᠤᠬᠢ ᠨᠡᠶᠢᠭᠡᠮ ᠤᠨ ᠭᠡᠷ ᠪᠦᠯᠢ ᠶᠢᠨ ᠬᠠᠷᠢᠯᠴᠠᠭ᠎ᠠ᠂ ᠲᠤᠬᠠᠶᠢᠯᠠᠪᠠᠯ ᠭᠡᠷ ᠤᠨ ᠠᠬᠠᠮᠠᠳ ᠪᠤᠯᠤᠨ ᠦᠷ᠎ᠠ ᠬᠡᠤᠬᠡᠳ ᠤᠨ ᠬᠤᠭᠤᠷᠤᠨᠳᠤᠬᠢ ᠬᠠᠷᠢᠯᠴᠠᠭᠠᠨ ᠤ ᠲᠤᠬᠠᠢ ᠤᠷᠤᠰᠢᠵᠤ ᠪᠠᠶᠢᠭ᠎ᠠ ᠨᠡᠶᠢᠲᠡᠮ ᠤᠨ ᠴᠢᠨᠠᠷᠲᠠᠢ ᠠᠰᠠᠭᠤᠳᠠᠯ ᠢ ᠬᠦᠨᠳᠡᠭᠰᠡᠨ ᠪᠠᠶᠢᠨ᠎ᠠ᠃

    ᠲᠤᠰ ᠤᠳᠠᠭᠠᠨ ᠤ ᠱᠤᠭ ᠵᠢᠷᠤᠭ ᠤᠨ ᠤᠷᠤᠯᠳᠤᠭᠠᠨ ᠳᠤ ᠬᠡᠲᠤᠨ ᠵᠠᠭᠤᠨ ᠤᠷᠠᠨ ᠵᠢᠷᠤᠭ ᠤᠨ ᠪᠦᠲᠦᠭᠡᠯ ᠤᠷᠤᠯᠴᠠᠵᠤ᠂ ᠨᠢᠭᠡᠳᠦᠭᠡᠷ ᠲᠡᠰ ᠲᠤ 1 ᠨᠡᠷ᠎ᠠ᠂ ᠬᠤᠶᠠᠳᠤᠭᠠᠷ ᠳᠡᠰ ᠲᠤ 2 ᠨᠡᠷ᠎᠎ᠠ᠂ ᠭᠤᠷᠪᠠᠳᠤᠭᠠᠷ ᠳᠡᠰ ᠲᠤ 10 ᠨᠡᠷ᠎ᠠ ᠶᠢ ᠰᠢᠯᠭᠠᠷᠠᠭᠤᠯᠤᠨ ᠭᠠᠷᠭᠠᠭᠰᠠᠨ ᠪᠦᠭᠡᠳ ᠱᠠᠩᠨᠠᠯ ᠳᠤ ᠲᠤᠳᠤᠷᠠᠭᠰᠠᠨ ᠪᠦᠲᠦᠭᠡᠯ ᠢ ᠪᠠᠭᠲᠠᠭᠠᠭᠰᠠᠨ 160 ᠪᠦᠲᠦᠭᠡᠯ ᠢ ᠳᠡᠯᠭᠡᠨ ᠦᠵᠡᠭᠦᠯᠪᠡ᠃

ᠢᠷᠡᠯᠳᠡ᠄ ᠰᠢᠯᠢ ᠶᠢᠨ ᠭᠤᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120789808