蒙古文网站Logo
ᠰᠢᠨᠬᠤᠸᠠ ᠮᠤᠩᠭ᠋ᠤᠯ ᠨᠧᠲ

《ᠤᠮᠠᠷᠠᠳᠤ ᠳᠠᠯ᠎ᠠ ᠨᠤᠳᠤᠭ》 ᠤᠯᠠᠨ ᠠᠩᠬᠢᠳᠤ ᠺᠢᠨᠣ᠋ ᠶᠢ ᠨᠡᠪᠳᠡᠷᠡᠬᠦᠯᠵᠤ ᠡᠬᠢᠯᠡᠪᠡ

2017-04-13 09:17

    ᠨᠡᠷᠡᠳᠦ ᠺᠢᠨᠣ᠋ ᠤᠳᠤᠷᠢᠳᠤᠭᠠᠴᠢ ᠬᠠᠰᠴᠢᠯᠠᠭᠤ ᠶᠢᠨ ᠶᠡᠷᠦᠩᠬᠡᠶᠢᠯᠡᠨ ᠤᠳᠤᠷᠢᠳᠴᠤ ᠬᠢᠭᠰᠡᠨ ᠤᠯᠠᠨ ᠠᠩᠬᠢᠳᠤ ᠺᠢᠨᠣ᠋《ᠤᠮᠠᠷᠠᠳᠤ ᠳᠠᠯ᠎ᠠ ᠨᠤᠳᠤᠭ》 ᠢ 4 ᠰᠠᠷ᠎ᠠ ᠶᠢᠨ 12 ᠤᠨ 20᠄00 ᠴᠠᠭ ᠡᠴᠡ ᠳᠦᠪ ᠲᠧᠯᠧᠶ᠋ᠰ ᠤᠨ ᠨᠢᠬᠡᠳᠦᠬᠡᠷ ᠰᠤᠪᠠᠭ ᠢᠶᠡᠷ ᠨᠡᠪᠳᠡᠷᠡᠬᠦᠯᠵᠤ ᠡᠬᠢᠯᠡᠭᠰᠡᠨ ᠪᠠᠶᠢᠨ᠎ᠠ᠃

    ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠮᠵᠢᠯᠳᠠ ᠪᠦᠳᠦᠮᠵᠢ ᠶᠢ ᠬᠠᠷᠠᠭᠤᠯᠤᠭᠰᠠᠨ 《ᠤᠮᠠᠷᠠᠳᠤ ᠳᠠᠯ᠎ᠠ ᠨᠤᠳᠤᠭ》  ᠤᠯᠠᠨ ᠠᠩᠬᠢᠳᠤ ᠺᠢᠨᠣ᠋ ᠨᠢ ᠦᠪᠦᠷ ᠮᠤᠩᠭᠤᠯ ᠤᠨ ᠰᠦᠨ ᠠᠵᠤ ᠦᠢᠯᠡᠰ ᠢᠶᠡᠷ ᠳᠤᠯᠤᠭᠠᠶᠢᠯᠠᠭᠤᠯᠤᠭᠰᠠᠨ ᠠᠵᠤ ᠦᠢᠯᠡᠳᠪᠦᠷᠢ ᠶᠢᠨ ᠬᠦᠭᠵᠢᠯᠳᠡ ᠪᠡᠷ ᠰᠦᠪᠡᠭᠴᠢ ᠪᠤᠯᠭᠠᠵᠤ᠂ ᠨᠢᠬᠡᠨ ᠦᠶ᠎ᠡ ᠶᠢᠨ ᠳᠠᠯ᠎ᠠ ᠨᠤᠳᠤᠭ ᠤᠨ ᠬᠦᠪᠡᠬᠦᠳ ᠦᠬᠢᠳ ᠤᠨ ᠦᠬᠡᠷᠡᠴᠢᠯᠡᠯᠳᠡ ᠨᠡᠬᠡᠬᠡᠯᠳᠡ ᠶᠢᠨ ᠴᠠᠭ ᠡᠷᠢᠨ ᠤ ᠤᠷᠤᠰᠬᠠᠯ ᠳᠤ ᠰᠢᠷᠭᠠᠭᠤ ᠬᠠᠳᠠᠭᠤᠵᠢᠯᠳᠠᠢ ᠪᠡᠷ ᠠᠳᠠᠯ ᠦᠢᠯᠡᠰ ᠪᠤᠰᠬᠠᠵᠤ᠂ ᠬᠦᠴᠢᠷ ᠢ ᠳᠡᠰᠪᠦᠷᠢᠯᠡᠨ ᠪᠡᠬᠢᠯᠡᠯᠳᠡ ᠶᠢ ᠰᠢᠪᠳᠤᠯᠵᠤ᠂ ᠵᠤᠷᠢᠭᠳᠠᠢ ᠪᠡᠷ ᠰᠢᠨ᠎ᠡ ᠶᠢ ᠡᠬᠦᠳᠦᠭᠰᠡᠨ ᠰᠡᠳᠬᠢᠯ ᠤᠶᠠᠷᠠᠭᠠᠬᠤ ᠦᠯᠢᠬᠡᠷ ᠳᠡᠤᠬᠡ ᠶᠢ ᠬᠦᠤᠷᠨᠢᠵᠠᠢ᠃

    ᠳᠤᠰ ᠺᠢᠨᠣ᠋ ᠶᠢ ᠶᠡᠷᠦᠩᠬᠡᠶᠢᠯᠡᠨ ᠤᠳᠤᠷᠢᠳᠴᠤ ᠬᠢᠭᠰᠡᠨ ᠬᠠᠰᠴᠢᠯᠠᠭᠤ 《ᠤᠷᠳᠤ ᠶᠢᠨ ᠳᠠᠭᠤᠤ》᠂ 《ᠦᠰᠦᠴᠢᠨ》 ᠵᠡᠷᠬᠡ ᠺᠢᠨᠣ᠋ ᠶᠢ ᠶᠡᠷᠦᠩᠬᠡᠶᠢᠯᠡᠨ ᠤᠳᠤᠷᠢᠳᠴᠤ ᠪᠠᠶᠢᠭᠰᠠᠨ ᠳᠡᠤᠬᠡ ᠲᠠᠢ᠃ ᠳᠡᠷᠡᠪᠡᠷ᠂ ᠲᠤᠰ ᠤᠯᠠᠨ ᠠᠩᠬᠢᠳᠤ ᠺᠢᠨᠣ᠋ ᠳᠤ ᠨᠢᠬᠡ ᠪᠦᠯᠦᠭ ᠬᠦᠮᠦᠰ ᠤᠨ ᠦᠯᠢᠬᠡᠷ ᠦᠢᠯᠡ ᠠᠵᠢᠯᠯᠠᠭ᠎ᠠ ᠶᠢ ᠬᠡᠶᠢᠰᠪᠦᠷᠢᠯᠡᠨ ᠵᠤᠬᠢᠶᠠᠮᠵᠢᠯᠠᠬᠤ ᠪᠡᠷ ᠳᠠᠮᠵᠢᠭᠤᠯᠤᠨ ᠦᠪᠦᠷ ᠮᠤᠩᠭᠤᠯ ᠤᠨ ᠰᠡᠷᠬᠦᠬᠡᠭᠳᠡᠬᠦ ᠡᠷᠴᠢᠮ ᠬᠦᠴᠦ᠂ ᠨᠡᠬᠦᠷᠡᠰᠦ ᠴᠠᠬᠢᠯᠭᠠᠨ ᠡᠷᠴᠢᠮ ᠬᠦᠴᠦ᠂ ᠳᠡᠮᠦᠷᠯᠢᠭ ᠤᠨ ᠠᠭᠤᠯᠠ ᠠᠭᠤᠷᠬᠠᠢ᠂ ᠬᠦᠳᠡᠬᠡ ᠠᠵᠤ ᠠᠬᠤᠢ ᠶᠢᠨ ᠪᠦᠳᠦᠬᠡᠭᠳᠡᠬᠦᠨ ᠤ ᠡᠳ᠋ᠰᠢᠬᠦᠯᠦᠯᠳᠡ ᠵᠡᠷᠬᠡ ᠭᠤᠤᠯ ᠴᠢᠬᠤᠯᠠ ᠠᠵᠤ ᠦᠢᠯᠡᠳᠪᠦᠷᠢ ᠶᠢ ᠬᠦᠮᠦᠰ ᠤᠨ ᠬᠠᠷᠠᠭᠠᠨ ᠳᠤ ᠳᠡᠯᠬᠡᠬᠦ ᠶᠢᠨ ᠬᠠᠮᠳᠤ ᠡᠳᠡᠬᠡᠷ ᠤᠨ ᠬᠦᠭᠵᠢᠯᠳᠡ ᠳᠤ ᠳᠠᠭᠠᠯᠳᠤᠭᠰᠠᠨ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠳᠤᠰᠬᠠᠵᠤ᠂ ᠡᠬᠦᠨ ᠤ ᠤᠯᠠᠮ ᠡᠴᠡ ᠠᠵᠤ ᠦᠢᠯᠡᠳᠪᠦᠷᠢ ᠪᠡᠷ ᠬᠤᠳᠠ ᠶᠢᠨ ᠬᠦᠭᠵᠢᠯᠳᠡ ᠶᠢ ᠳᠠᠶᠢᠴᠢᠯᠠᠭᠤᠯᠤᠭᠰᠠᠨ ᠤᠴᠢᠷ ᠢ ᠳᠡᠯᠬᠡᠭ᠍ᠰᠡᠨ ᠬᠡᠵᠡᠢ᠃

ᠺᠢᠨᠣ᠋ ᠶᠢᠨ ᠡᠷᠡᠭᠳᠡᠢ ᠭᠤᠤᠯ ᠳᠦᠷᠢ ᠳᠤ ᠳᠤᠭᠯᠠᠭᠰᠠᠨ ᠵᠠᠩ ᠬᠦᠧᠧ ᠴᠢᠶᠠᠩ

ᠺᠢᠨᠣ᠋ ᠶᠢᠨ ᠡᠮᠡᠭᠳᠡᠢ ᠭᠤᠤᠯ ᠳᠦᠷᠢ ᠳᠤ ᠳᠤᠭᠯᠠᠭᠰᠠᠨ ᠶᠠᠨ ᠳ᠋ᠠᠨ ᠴᠧᠨ

ᠺᠢᠨᠣ᠋ ᠶᠢᠨ ᠦᠵᠡᠭᠳᠡᠯ

ᠢᠷᠡᠯᠳᠡ᠄ ᠳᠦᠪ ᠲᠧᠯᠧᠶ᠋ᠰ ᠤᠨ ᠠᠯᠪᠠᠨ ᠤ ᠸᠢᠴᠠᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120701120800645