蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠪᠠᠭᠠᠷᠢᠨ ᠪᠠᠷᠠᠭᠣᠨ ᠬᠣᠰᠢᠭᠣ《ᠲᠡᠯᠡᠭᠡᠢ ᠶ᠋ᠢᠨ ᠨᠣᠮ ᠣᠩᠰᠢᠬᠣ ᠡᠳᠣᠷ 》‍ ᠢ᠋ ᠲᠣᠷᠠᠰᠬᠠᠨ ᠲᠡᠮᠳᠡᠭᠯᠡᠬᠦ ᠮᠡᠳᠡᠯᠭᠡ ᠶ᠋ᠢᠨ ᠣᠷᠣᠯᠳᠣᠭᠠᠨ ᠡᠷᠬᠢᠯᠡᠪᠡ

2017-04-20 16:54

ᠡᠷᠳᠡᠮ ᠨᠣᠮ ‍ᠤᠨ ᠴᠠᠭᠠᠨ ᠪᠣᠶᠠᠨ ᠲᠠᠢ ᠨᠣᠳᠣᠭ     ᠡᠷᠢᠯ ᠮᠦᠷᠦᠭᠡᠳᠦᠯ ᠲᠠᠢ ᠮᠠᠯᠴᠢᠨ ᠠᠷᠠᠳ

    ᠬᠣᠷᠢᠨ ᠬᠣᠶᠠᠳᠡᠬᠢ《 4•23 ᠳᠡᠯᠡᠬᠡᠢ ᠶ᠋ᠢᠨ ᠨᠣᠮ ᠤᠩᠰᠢᠬᠤ ᠡᠳᠦᠷ》 ᠬᠦᠷᠴᠣ ᠢᠷᠡᠬᠦ ᠪᠡᠷ᠂ ᠠᠷᠠᠳ ᠮᠠᠯᠴᠢᠳ ‍ᠤᠨ ‍ᠢᠶ᠋ᠡᠨ ᠲᠦᠰᠢᠯᠭᠡ ᠪᠣᠯᠣᠭᠰᠠᠨ ᠰᠠᠶᠢᠬᠠᠨ ᠬᠠᠨ ᠠᠭᠣᠯᠨ ᠨᠢ ᠰᠣᠷᠭᠣᠭ ᠴᠡᠴᠡᠭ ‍ᠢᠶ᠋ᠡᠷ ᠮᠦᠰᠢᠶᠡᠵᠣ᠂ ᠪᠠᠶᠠᠨ ᠲᠣᠩᠭᠠᠯᠠᠭ ᠴᠠᠭᠠᠨ ᠮᠦᠷᠡᠨ ᠨᠢ ᠬᠦᠭᠵᠢᠯ ‍ᠤᠨ ᠲᠠᠭᠣᠣ ᠪᠡᠷ ᠲᠣᠯᠬᠢᠶᠠᠯᠠᠭᠠᠳ᠂ ᠨᠣᠮ ‍ᠤᠨ ᠴᠠᠭᠠᠨ ᠪᠣᠶᠠᠨᠳᠣ ᠪᠠᠭᠠᠷᠢᠨ ‍ᠤ ᠦᠵᠡᠰᠬᠦᠯᠡᠩᠳᠣ ᠰᠠᠶᠢᠬᠠᠨ ᠲᠠᠯ᠎ᠠ ᠨᠣᠳᠣᠭ ᠲᠤ ᠡᠷᠳᠡ ᠬᠠᠪᠣᠷ ᠲᠠᠭᠠᠳᠠᠢ ᠰᠠᠭᠠᠳᠠᠵᠣ ᠂ ᠠᠮᠢᠯᠠᠯ ᠪᠠᠶᠠᠰᠣᠯ ᠢᠶᠡᠷ ᠪᠢᠯᠬᠠᠨᠠᠮ᠃ 4 ᠰᠡᠷ᠎ᠡ ᠶ᠋ᠢᠨ 18 ᠤ᠋ ᠡᠳᠦᠷ᠂ ᠦᠪᠦᠷ ᠮᠤᠩᠭᠤᠯ ᠤᠨ ᠪᠠᠭᠠᠷᠢᠨ ᠪᠠᠷᠠᠭᠣᠨ ᠬᠣᠰᠢᠭᠣᠨ ᠤ ᠨᠠᠮ ‍ᠤᠨ ᠬᠣᠷᠢᠶ᠎ᠡ ᠶ᠋ᠢᠨ ᠣᠬᠠᠭᠣᠯᠬᠣ ᠭᠡᠯᠳᠡᠰ᠂ ᠬᠣᠰᠢᠭᠣᠨ ᠤ ᠣᠳᠬ᠎ᠠ ᠣᠷᠠᠯᠢᠭ ‍ᠤᠨ ᠬᠢᠨ ᠤ ᠬᠣᠯᠪᠣᠭ᠎ᠠ᠂ ᠰᠣᠶᠣᠯ ᠲᠠᠮᠢᠷ ‍ᠤᠨ ᠲᠣᠪᠴᠢᠶ᠎ᠠ ᠡᠴᠠ ᠬᠠᠮᠳᠣᠷᠠᠨ ᠡᠷᠬᠢᠯᠡᠭᠰᠡᠨ《ᠲᠡᠯᠡᠭᠡᠢ ᠶ᠋ᠢᠨ ᠨᠣᠮ ᠣᠩᠰᠢᠬᠣ ᠡᠳᠣᠷ》 ‍ᠢ ᠲᠣᠷᠠᠰᠬᠠᠨ ᠲᠡᠮᠳᠡᠭᠯᠡᠬᠦ ᠭᠣᠷᠪᠠᠳᠣᠭᠠᠷ ᠬᠣᠭᠣᠴᠠᠭᠠᠨ ‍ᠤ《ᠮᠢᠨᠣ ᠵᠢᠷᠦᠭᠡᠨ ᠳ᠋ᠡᠭᠢ ᠪᠠᠭᠠᠷᠢᠨ》 ᠭᠡᠮᠡᠬᠦ ᠭᠣᠣᠯ ᠰᠡᠳᠦᠪᠳᠣ ᠨᠣᠮ ᠣᠩᠰᠢᠭᠰᠠᠨ ᠮᠡᠳᠡᠯᠭᠡ ᠶ᠋ᠢᠨ ᠣᠷᠣᠯᠳᠣᠭᠠᠨ ᠰᠢᠪᠠᠷᠳᠠᠢ ᠳ᠋ᠠᠬᠢ ᠪᠠᠭᠠᠷᠢᠨ ᠸᠠᠩ ‍ᠤᠨ ᠣᠷᠳᠣᠨ ᠳ᠋ᠥ ᠦᠯᠵᠡᠢ ᠲᠠᠢ ᠰᠠᠶᠢᠬᠠᠨ ᠶᠠᠪᠣᠭᠳᠠᠵᠠᠢ᠃

    ᠲᠣᠰ ᠣᠳᠠᠭᠠᠨ ‍ᠤ ᠮᠡᠳᠡᠯᠭᠡ ᠶ᠋ᠢᠨ ᠣᠷᠣᠯᠳᠣᠭᠠᠨ ᠨᠢ《 4•23 ᠲᠡᠯᠡᠭᠡᠢ ᠶ᠋ᠢᠨ ᠨᠣᠮ ᠣᠩᠰᠢᠬᠣ ᠡᠳᠣᠷ》 ‍ᠢ ᠲᠣᠷᠠᠰᠬᠠᠨ ᠲᠡᠮᠳᠡᠭᠯᠡᠬᠦ ᠪᠠᠷ ᠣᠩᠰᠢᠭᠴᠢᠳ ‍ᠤᠨ ᠲᠣᠮᠳᠠ ᠶᠠᠪᠣᠭᠣᠯᠣᠭᠰᠠᠨ ᠨᠢᠭᠡᠨ ᠣᠳᠠᠭᠠᠨ ‍ᠤ ᠰᠣᠶᠣᠯ ‍ᠤᠨ ᠠᠵᠢᠯᠯᠠᠭᠠᠨ ᠪᠣᠯᠬᠣ ᠶᠣᠮ᠃ ᠣᠷᠣᠯᠳᠣᠭᠠᠨ ᠨᠢ ᠦᠪᠦᠷ ᠮᠣᠩᠭᠣᠯ ‍ᠤᠨ ᠦᠪᠡᠷᠳᠡᠭᠡᠨ ᠵᠠᠰᠠᠬᠣ ᠣᠷᠣᠨ ‍ᠤ ᠪᠠᠶᠢᠭᠣᠯᠣᠭᠳᠠᠭᠰᠠᠨ 70 ᠵᠢᠯ ‍ᠤᠨ ᠣᠢ ᠶ᠋ᠢ ᠣᠭᠳᠣᠨ ᠲᠣᠬᠢᠶᠠᠭᠰᠠᠨ ᠦᠯᠵᠡᠶᠢᠳᠣ ᠴᠠᠭ ‍ᠢ ᠪᠡᠯᠭᠡᠳᠡᠨ᠂ ᠦᠨᠳᠣᠰᠦᠳᠡᠨ ‍ᠤ ᠰᠣᠶᠣᠯ ᠲᠡᠣᠭᠡ ᠡᠴᠠ ᠬᠣᠰᠢᠭᠣ ᠨᠣᠳᠣᠭ ‍ᠤᠨ ᠲᠡᠦᠭᠡ ᠴᠠᠳᠢᠭ᠂ ᠵᠠᠩ ᠢᠷᠭᠡᠨᠰᠢᠯ᠂ ᠣᠯᠣᠰ ᠲᠦᠷᠦ ᠠᠵᠣ ᠠᠬᠣᠢ᠂ ᠨᠡᠶᠢᠬᠡᠮ ᠤᠨ ᠬᠦᠭᠵᠢᠯ ᠵᠡᠷᠭᠡ ᠣᠯᠠᠨ ᠲᠠᠯ᠎ᠠ ᠶ᠋ᠢᠨ ᠮᠡᠳᠡᠯᠭᠡ ᠶ᠋ᠢᠨ ᠰᠡᠳᠦᠪ ᠡᠴᠠ ᠭᠠᠳᠠᠨ᠎ᠠ᠂ ᠦᠪᠦᠷ ᠮᠣᠩᠭᠣᠯ ᠣᠷᠣᠨ ‍ᠤ ᠬᠦᠭᠵᠢᠯ ᠬᠣᠪᠢᠷᠡᠯ ᠠᠬᠢᠯᠳᠡ ᠲᠠᠪᠰᠢᠯᠳᠡ ᠶ᠋ᠢ ᠬᠠᠷᠠᠭᠣᠯᠣᠭᠰᠠᠨ ᠰᠡᠳᠦᠪ ‍ᠤᠳ ‍ᠢ ᠰᠣᠩᠭᠣᠨ᠂ ᠲᠣᠬᠠᠢ ᠶ᠋ᠢᠨ ᠲᠠᠯᠠᠪᠠᠢ ᠳ᠋ᠥ ᠰᠢᠭᠣᠳ ᠠᠰᠠᠭᠣᠵᠣ ᠬᠠᠷᠢᠭᠣᠯᠬᠣ ᠭᠡᠯᠪᠡᠷᠢ ᠪᠠᠷ ᠶᠠᠪᠣᠭᠳᠠᠵᠠᠢ᠃

    ᠣᠷᠣᠯᠳᠣᠭᠠᠨ ᠳ᠋ᠥ 66 ᠬᠦᠮᠦᠨ ᠣᠷᠣᠯᠴᠠᠵᠣ᠂ ᠭᠡᠳᠣᠨ ᠨᠣᠭᠣᠯᠣᠭ᠎ᠠ ᠲᠠᠮᠵᠢᠨ ᠦᠷᠬᠦᠯᠵᠢᠯᠡᠨ᠂ ᠲᠣᠭᠳᠠᠭᠰᠠᠨ ᠲᠦᠷᠢᠮ ᠭᠣᠷᠢᠮ ‍ᠢᠶ᠋ᠡᠷ ᠰᠡᠳᠦᠪ ᠪᠦᠷᠢ ᠶ᠋ᠢ ᠡᠮᠬᠢ ᠴᠡᠭᠴᠨ ᠲᠠᠢ ᠬᠠᠷᠢᠭᠣᠯᠣᠨ ᠦᠷᠢᠰᠦᠯᠳᠣᠵᠣ᠂ ᠬᠢᠨᠠᠭᠴᠢ ᠶ᠋ᠢᠨ ᠲᠣᠭᠣᠶᠢᠯᠠᠩ ᠡᠴᠠ ᠵᠠᠷᠢᠮ ᠠᠰᠠᠭᠣᠯᠳᠡ ᠶ᠋ᠢᠨ ᠰᠡᠳᠦᠪ ᠲᠤ ᠵᠡᠭᠡᠶᠢᠷᠡᠬᠦᠯᠦᠨ ᠲᠠᠶᠢᠯᠪᠣᠷᠢ ᠲᠠᠶᠢᠯᠣᠮᠵᠢ ᠬᠢᠵᠣ᠂ ᠪᠦᠬᠦ ᠣᠷᠣᠯᠴᠠᠭᠰᠡᠳ ᠲᠤ ᠮᠡᠳᠡᠯᠭᠡ ᠶ᠋ᠢᠨ ᠷᠢᠳᠢ ᠰᠢᠳᠢ᠂ ᠭᠣᠸ᠎ᠠ ᠰᠠᠶᠢᠬᠠᠨ ‍ᠢ ᠣᠯᠠᠮ ᠴᠢᠨᠠᠭᠰᠢᠳᠡ ᠮᠡᠳᠡᠷᠡᠬᠦᠯᠦᠨ ᠲᠠᠨᠢᠭᠣᠯᠵᠠᠢ᠃ ᠲᠣᠰ ᠣᠳᠠᠭᠠᠨ ‍ᠤ ᠣᠷᠣᠯᠳᠣᠭᠠᠨ ᠨᠢ ᠮᠠᠰᠢ ᠬᠦᠭᠵᠢᠶᠡᠨ ᠲᠠᠢ ᠰᠢᠷᠦᠬᠦᠨ ᠶᠠᠪᠣᠭᠳᠠᠭᠠᠳ᠂ ᠣᠳᠣ ᠦᠶ᠎ᠡ ᠶ᠋ᠢᠨ ᠮᠠᠯᠴᠢᠳ ᠪᠠ ᠪᠠᠭᠰᠢ ᠠᠵᠢᠯᠳᠠᠨ ‍ᠤ ᠨᠣᠮ ᠣᠩᠰᠢᠭᠰᠠᠨ ᠬᠦᠷᠢᠶ᠎ᠡ ᠭᠡᠪᠴᠢᠶ᠎ᠡ ᠪᠠ ᠮᠡᠳᠡᠯᠭᠡ ᠶ᠋ᠢᠨ ᠬᠢᠷᠢ ᠲᠦᠪᠰᠢᠨ ‍ᠢ ᠬᠦᠢᠴᠡᠳ ᠬᠠᠷᠠᠭᠣᠯᠵᠣ᠂ ᠣᠷᠣᠯᠳᠣᠭᠠᠨ ᠳ᠋ᠥ ᠣᠷᠣᠯᠴᠠᠭᠴᠢᠳ ᠪᠠ ᠨᠡᠶᠢᠭᠡᠮ ‍ᠤᠨ ᠬᠦᠮᠦᠰ ᠲᠤ ᠨᠢᠬᠡᠡ ᠣᠳᠠᠭ᠎ᠠ ᠶ᠋ᠢᠨ ᠰᠣᠶᠣᠯ ᠮᠡᠳᠡᠯᠭᠡ ᠶ᠋ᠢᠨ ᠣᠬᠠᠭᠣᠯᠣᠯ᠂ ᠡᠶᠡᠷᠬᠦ ᠡᠨᠧᠷᠬᠢ ᠬᠦᠷᠳᠡᠭᠡᠵᠣ ᠴᠢᠳᠠᠭᠰᠠᠨ ᠪᠠᠶᠢᠨ᠎ᠠ᠃ ᠣᠷᠣᠯᠳᠣᠭᠠᠨ ‍ᠢᠶ᠋ᠡᠷ᠂ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠭᠣᠣᠯ ᠪᠠᠭ᠎ᠠ ᠰᠣᠷᠭᠠᠭᠣᠯᠢ ᠶ᠋ᠢᠨ ᠪᠠᠭᠰᠢ ᠮᠠᠩᠯᠠᠢ ᠳᠡᠷᠢᠬᠦᠯᠡᠵᠤ᠂ ᠴᠠᠭᠠᠨᠮᠦ᠋ᠷᠡᠨ ᠰᠣᠮᠣ ᠶ᠋ᠢᠨ ᠬᠣᠯᠣᠰᠣᠳᠣ ᠪᠣᠯᠣᠩ ᠭᠠᠴᠠᠭ᠎ᠠ ᠶ᠋ᠢᠨ ᠮᠠᠯᠴᠢᠨ ᠨᠠᠰᠣᠨᠳᠠᠯᠠᠢ᠂ ᠮᠣᠳᠣᠨ ᠲᠣᠮᠳᠡ ᠭᠠᠴᠠᠭ᠎ᠠ ᠶ᠋ᠢᠨ ᠮᠠᠯᠴᠢᠨ ᠣᠣᠭᠠᠨᠪᠠᠭᠠᠳᠣᠷ ᠬᠣᠶᠠᠳᠣᠭᠠᠷ ᠲᠡᠰ᠂ ᠴᠠᠭᠠᠨᠰᠢᠷᠡᠭᠡ ᠭᠠᠴᠠᠭ᠎ᠠ ᠶ᠋ᠢᠨ ᠮᠠᠯᠴᠢᠨ ᠰᠡᠴᠡᠨ᠂ ᠮᠠᠯᠴᠢᠨ ᠠᠯᠳᠠᠨᠳᠣᠶᠠᠭ᠎ᠠ᠂ ᠰᠢᠪᠠᠷᠳᠠᠢ ᠭᠣᠣᠯ ᠪᠠᠭ᠎ᠠ ᠰᠣᠷᠭᠠᠭᠣᠯᠢ ᠶ᠋ᠢᠨ ᠪᠠᠭᠰᠢ ᠬᠦᠧᠧ ᠵᠧᠤ ᠭᠣᠷᠪᠠᠳᠣᠭᠠᠷ ᠲᠡᠰ ᠲᠤ ᠲᠣᠳᠣᠷᠠᠵᠣ ᠱᠠᠩᠨᠠᠭᠳᠠᠵᠠᠢ᠃ ᠪᠠᠰᠨ 60 ᠣᠷᠣᠯᠴᠠᠭᠴᠢ ᠳ᠋ᠥ ᠲᠣᠷᠠᠰᠬᠠᠯ ‍ᠤᠨ ᠱᠠᠩᠨᠠᠯ ᠨᠣᠮ ᠪᠡᠯᠡᠭᠯᠡᠨ ᠵᠣᠷᠢᠭᠵᠢᠭᠣᠯᠵᠠᠢ᠃

    ᠪᠠᠭᠠᠷᠢᠨ ᠪᠠᠷᠠᠭᠣᠨ ᠬᠣᠰᠢᠭᠣ ᠨᠢ ᠣᠷᠵᠢᠨᠣᠨ ᠡᠴᠠ ᠡᠬᠢᠯᠡᠨ ᠲᠡᠯᠡᠭᠡᠢ ᠶ᠋ᠢᠨ ᠨᠣᠮ ᠣᠩᠰᠢᠬᠣ ᠡᠳᠦᠷ ‍ᠢ ᠲᠡᠮᠳᠡᠭᠯᠡᠨ ᠲᠣᠷᠠᠰᠬᠠᠬᠣ《ᠮᠢᠨᠣ ᠵᠢᠷᠦᠭᠡᠨ ᠳ᠋ᠡᠭᠢ ᠪᠠᠭᠠᠷᠢᠨ》 ᠭᠡᠮᠡᠬᠦ ᠭᠣᠣᠯ ᠰᠡᠳᠦᠪᠳᠣ ᠨᠣᠮ ᠣᠩᠰᠢᠭᠰᠠᠨ ᠮᠡᠳᠡᠯᠭᠡ ᠶ᠋ᠢᠨ ᠣᠷᠣᠯᠳᠣᠭᠠᠨ ‍ᠢ ᠠᠩᠬᠠᠳᠤᠭᠠᠷ ᠤᠳᠠᠭ᠎ᠠ ᠪᠡᠨ ᠬᠣᠰᠢᠭᠣᠨ ‍ᠤ ᠪᠡᠨ ᠨᠣᠮ ‍ᠤᠨ ᠰᠠᠩ ᠳ᠋ᠥ ᠡᠬᠢᠯᠡᠬᠦᠯᠵᠣ᠂ ᠬᠣᠶᠠᠳᠡᠬᠢ ᠤᠳᠠᠭ᠎ᠠ ᠪᠡᠨ ᠰᠤᠷᠭᠠᠭᠤᠯᠢ ᠶ᠋ᠢᠨ ᠬᠦᠷᠢᠶᠡᠨ ᠳ᠋ᠥ ᠡᠷᠬᠢᠯᠡᠵᠣ᠂ ᠡᠨᠡ ᠣᠳᠠᠭ᠎ᠠ ᠪᠡᠨ ᠦᠨᠳᠦᠰᠦᠨ ᠱᠠᠳᠣᠨ ᠳ᠋ᠥ ᠪᠠᠭᠣᠨ ᠮᠠᠯᠴᠢᠨ ᠲᠦᠮᠡᠨ ‍ᠤ ᠲᠣᠮᠳᠡ ᠬᠦᠷᠴᠣ ᠡᠷᠬᠢᠯᠡᠨ᠂ ᠡᠳᠦᠭᠡ ᠭᠣᠷᠪᠠᠨ ᠬᠣᠭᠣᠴᠠᠭ᠎ᠠ ᠶᠠᠪᠣᠭᠳᠠᠵᠣ᠂ ᠪᠦᠬᠦ ᠬᠣᠰᠢᠭᠣᠨ ‍ᠤ ᠠᠷᠠᠳ ᠢᠷᠭᠡᠳ ‍ᠤᠨ ᠨᠣᠮ ᠣᠩᠰᠢᠬᠣ ᠠᠵᠢᠯᠯᠠᠭᠠᠨ ‍ᠤ ᠨᠢᠭᠡᠨ ᠨᠡᠷ᠎ᠡ ᠲᠡᠮᠳᠡᠭ ᠪᠣᠯᠵᠣ ᠪᠣᠢ᠃

    ᠲᠣᠰ ᠣᠳᠠᠭᠠᠨ ‍ᠤ ᠠᠵᠢᠯᠯᠠᠭᠠᠨ ‍ᠤ ᠶᠠᠪᠣᠴᠨ ᠳ᠋ᠥ᠂ ᠪᠠᠭᠠᠷᠢᠨ ᠪᠠᠷᠠᠭᠣᠨ ᠬᠣᠰᠢᠭᠣᠨ ‍ᠤ ᠨᠣᠮ ‍ᠤᠨ ᠰᠠᠩ ᠨᠢ ᠰᠠᠶᠢᠬᠠᠨ ᠣᠯᠣᠰ ‍ᠤᠨ ᠰᠣᠶᠣᠯ ‍ᠤᠨ ᠶᠠᠮᠣᠨ᠂ ᠡᠳ᠋ ‍ᠤᠨ ᠵᠠᠰᠠᠭ ‍ᠤᠨ ᠶᠠᠮᠣᠨ ᠡᠴᠠ ᠬᠦᠷᠭᠡᠭᠰᠡᠨ ᠨᠣᠮ ‍ᠤᠨ ᠲᠣᠰᠬᠠᠢ ᠲᠡᠷᠭᠡ ᠪᠡᠷ ‍ᠢᠶ᠋ᠡᠨ ᠮᠠᠯᠴᠢᠨ ᠠᠶᠢᠯ ‍ᠤᠨ ᠡᠬᠦᠳᠡᠨ ᠳ᠋ᠥ ᠬᠦᠷᠴᠣ᠂ ᠮᠠᠯᠴᠢᠨ ᠲᠦᠮᠡᠨ ᠳ᠋ᠥ ᠨᠣᠮ ᠰᠣᠨᠢᠨ ᠰᠡᠳᠬᠦᠯ ‍ᠤᠨ ᠲᠠᠨᠢᠯᠴᠠᠭᠣᠯᠭ᠎ᠠ ᠬᠢᠭᠰᠡᠨ ᠪᠦᠭᠡᠳ ᠪᠠᠰᠨ ᠭᠣᠷᠪᠠᠨ ᠮᠠᠯᠴᠢᠨ ᠬᠣᠪᠢ ᠡᠷᠦᠭᠡ ᠶ᠋ᠢᠨ ᠨᠣᠮ ‍ᠤᠨ ᠦᠷᠦᠭᠡ ᠳ᠋ᠥ ᠨᠣᠮ ᠰᠡᠳᠬᠦᠯ ᠬᠠᠨᠳᠢᠪᠯᠠᠵᠠᠢ᠃ ᠲᠣᠰ ᠣᠳᠠᠭᠠᠨ ‍ᠤ ᠨᠣᠮ ᠣᠩᠰᠢᠭᠰᠠᠨ ᠮᠡᠳᠡᠯᠭᠡ ᠶ᠋ᠢᠨ ᠣᠷᠣᠯᠳᠣᠭᠠᠨ ‍ᠢ ᠪᠠᠭᠠᠷᠢᠨ ᠪᠠᠷᠠᠭᠣᠨ ᠬᠣᠰᠢᠭᠣᠨ ᠤ ᠨᠠᠮ ‍ᠤᠨ ᠬᠣᠷᠢᠶ᠎ᠠ ᠶ᠋ᠢᠨ ᠣᠬᠠᠭᠣᠯᠬᠣ ᠭᠡᠯᠳᠡᠰ᠂ ᠣᠳᠬ᠎ᠠ ᠣᠷᠠᠯᠢᠭ ‍ᠤᠨ ᠬᠢᠨ ‍ᠤ ᠬᠣᠯᠪᠣᠭ᠎ᠠ᠂ ᠰᠣᠶᠣᠯ ᠪᠡᠶ᠎ᠡ ᠲᠠᠮᠢᠷ ‍ᠤᠨ ᠲᠣᠪᠴᠢᠶ᠎ᠠ ᠭᠣᠣᠯᠯᠠᠨ ᠡᠷᠬᠢᠯᠡᠵᠣ᠂ ᠪᠠᠭᠠᠷᠢᠨ ᠪᠠᠷᠠᠭᠣᠨ ᠬᠣᠰᠢᠭᠣᠨ ‍ᠤ ᠨᠣᠮ ‍ᠤᠨ ᠰᠠᠩ ᠪᠣᠯᠣᠨ ᠴᠠᠭᠠᠨᠮᠦ᠋ᠷᠡᠨ ᠰᠣᠮᠣ ᠶ᠋ᠢᠨ ᠨᠠᠮ ‍ᠤᠨ ᠬᠣᠷᠢᠶ᠎ᠠ ᠠᠷᠠᠳ ‍ᠤᠨ ᠵᠠᠰᠠᠭ ‍ᠤᠨ ᠣᠷᠳᠣᠨ ᠲᠠᠭᠠᠭᠠᠨ ᠬᠦᠢᠴᠡᠳᠭᠡᠵᠠᠢ᠃ (ᠬᠦᠭᠡᠳᠠᠪᠠᠯᠭᠠᠨ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120701120845716