微信打开
蒙古文网站Logo
ᠰᠢᠨᠬᠤᠸᠠ ᠮᠤᠩᠭ᠋ᠤᠯ ᠨᠧᠲ

《ᠴᠢᠩᠬᠢᠰ ᠬᠠᠭᠠᠨ 》ᠺᠠᠷᠲ᠋ᠤᠨ ᠨᠤᠮ ᠤᠨ ᠵᠤᠬᠢᠶᠠᠭᠴᠢ ᠤᠩᠰᠢᠭᠴᠢᠳ ᠤᠨ ᠠᠭᠤᠯᠵᠠᠯᠲᠠ ᠪᠤᠯᠤᠯ᠎ᠠ

2017-04-23 20:10

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 4 ᠰᠠᠷ᠎ᠠ ᠶᠢᠨ 23 ᠤ ᠡᠲᠦᠷ ᠤᠨ ᠴᠠᠬᠢᠯᠭᠠᠨ ᠮᠡᠲᠡᠭᠡ (ᠦᠵᠡᠰᠭᠦᠯᠡᠩ ) ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ᠂ ᠦᠪᠦᠷ ᠮᠤᠩᠭ᠋ᠤᠯ ᠤᠨ ᠰᠢᠨᠬᠤᠸᠠ ᠨᠤᠮ ᠤᠨ ᠲᠠᠷᠬᠠᠭᠠᠯᠲᠠ ᠶᠢᠨ ᠪᠦᠯᠦᠭᠯᠡᠯ ᠡᠴᠡ ᠵᠤᠬᠢᠶᠠᠨ ᠪᠠᠢᠢᠭᠤᠯᠤᠭᠰᠠᠨ《ᠴᠢᠩᠬᠢᠰ ᠬᠠᠭᠠᠨ 》ᠺᠠᠷᠲ᠋ᠤᠨ ᠨᠤᠮ ᠤᠨ ᠵᠤᠬᠢᠶᠠᠭᠴᠢ ᠤᠩᠰᠢᠭᠴᠢᠳ ᠤᠨ ᠠᠭᠤᠯᠵᠠᠯᠲᠠ 4 ᠰᠠᠷ᠎ᠠ ᠶᠢᠨ 23 ᠤ ᠡᠲᠦᠷ ᠬᠦᠬᠡᠬᠤᠲᠠ ᠳ᠋ᠤ ᠪᠤᠯᠤᠯ᠎ᠠ᠃

    ᠠᠭᠤᠯᠵᠠᠯᠲᠠ ᠶᠢᠨ ᠦᠶ᠎ᠠ ᠪᠡᠷ ᠤᠭ ᠨᠤᠮ ᠤᠨ ᠵᠤᠬᠢᠶᠠᠭᠴᠢ ᠡ᠊ ᠠᠮᠤᠷᠰᠠᠢᠢᠬᠠᠨ ᠡᠴᠡ ᠤᠭ ᠨᠤᠮ ᠢ ᠵᠤᠬᠢᠶᠠᠨ ᠪᠦᠲᠦᠭᠡᠭ᠍ᠰᠡᠨ ᠦᠯᠢᠭᠡᠷ ᠦᠢᠯᠡ ᠶᠠᠪᠤᠲᠠᠯ ᠶᠢᠡᠨ ᠤᠯᠠᠨ ᠲᠠᠢ ᠬᠤᠪᠢᠶᠠᠯᠴᠠᠬᠤ ᠶᠢᠨ ᠬᠠᠮᠲᠤ ᠠᠬᠤᠢ ᠲᠠᠯᠠᠪᠤᠷ ᠲᠤ ᠬᠦᠷᠦᠯᠴᠡᠨ ᠤᠴᠢᠭᠰᠠᠨ ᠬᠡᠦᠬᠡᠳ ᠲᠡᠭᠦᠦᠨᠠᠷ ᠶᠢᠡᠨ ᠴᠢᠩᠬᠢᠰ ᠬᠠᠭᠠᠨ ᠤ ᠪᠠᠨ ᠲᠡᠦᠬᠡ ᠶᠢ ᠮᠡᠲᠡᠵᠦ᠂ ᠴᠢᠩᠬᠢᠰ ᠬᠠᠭᠠᠨ ᠰᠢᠭ ᠶᠢᠡᠨ ᠡᠷᠡᠯᠬᠡᠭ᠌ ᠪᠠᠭᠠᠲᠤᠷᠯᠢᠭ᠂ ᠵᠤᠷᠢᠭᠲᠠᠢ᠂ ᠬᠦᠮᠦᠨ ᠵᠤᠨ ᠳ᠋ᠠᠠᠭᠠᠨ ᠲᠤᠰᠠᠷᠬᠠᠭ ᠬᠦᠮᠦᠨ ᠪᠤᠯᠤᠨ ᠪᠤᠢᠢᠵᠢᠬᠤ ᠶᠢ ᠬᠦᠰᠡᠨ ᠢᠷᠦᠭᠡᠪᠡ᠃

    《ᠴᠢᠩᠬᠢᠰ ᠬᠠᠭᠠᠨ》ᠺᠠᠷᠲ᠋ᠤᠨ ᠨᠤᠮ ᠢ ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠪᠦᠷᠢᠨ ᠡᠷᠬᠡ ᠪᠡᠷ ᠮᠤᠩᠭ᠋ᠤᠯ ᠬᠢᠲᠠᠳ ᠬᠡᠯᠡ ᠪᠡᠷ ᠬᠡᠪᠯᠡᠬᠦᠯᠦᠨ ᠲᠠᠷᠬᠠᠭᠠᠪᠠ᠃ ᠲᠤᠰ ᠨᠤᠮ ᠨᠢ ᠴᠢᠩᠬᠢᠰ ᠬᠠᠭᠠᠨ ᠤ ᠤᠲᠤᠮ ᠤᠭᠰᠠᠭ᠎᠎ᠠ ᠵᠢᠴᠢ ᠲᠡᠭᠦᠨ ᠤ ᠡᠷᠭᠢᠭᠡᠨ ᠤᠷᠪᠠᠭᠠᠨᠲᠤ ᠨᠢᠭᠡ ᠨᠠᠰᠤᠨ ᠤ ᠦᠯᠢᠭᠡᠷ ᠢ ᠵᠢᠷᠤᠭ ᠤᠨ ᠬᠡᠯᠪᠡᠷᠢ ᠪᠡᠷ ᠠᠮᠢᠲᠤᠯᠢᠭ ᠦᠵᠡᠬᠦᠯᠦᠭᠰᠡᠨ  ᠶᠤᠮ᠃ ᠨᠤᠮ ᠡᠴᠡ ᠴᠢᠩᠬᠢᠰ ᠬᠠᠭᠠᠨ ᠤ ᠦᠨᠡᠨ ᠲᠡᠦᠬᠡ᠂ ᠡᠷᠡᠯᠬᠡᠭ᠌ ᠪᠠᠭᠠᠲᠤᠳ ᠤᠨ ᠪᠠᠢᠢᠯᠲᠤᠭᠠᠨ ᠤ ᠠᠷᠭ᠎ᠠ ᠰᠠᠮᠪᠠᠭ᠎ᠠ᠂ ᠡᠪᠦᠭᠡ ᠲᠡᠭᠡᠲᠦᠰ ᠤᠨ ᠬᠤᠯᠠᠴᠢ ᠮᠡᠷᠭᠡᠨ ᠤᠬᠠᠭᠠᠨ ᠵᠡᠷᠭᠡ ᠤᠯᠠᠨ ᠤᠯᠠᠨ ᠰᠤᠨᠢᠷᠬᠠᠯᠲᠠᠢ ᠦᠢᠯᠡ ᠬᠡᠷᠡᠭ ᠢ ᠤᠯᠵᠤ ᠬᠠᠷᠠᠬᠤ ᠪᠤᠯᠤᠨ᠎ᠠ᠃

    《ᠴᠢᠩᠬᠢᠰ ᠬᠠᠭᠠᠨ》ᠺᠠᠷᠲ᠋ᠤᠨ ᠨᠤᠮ ᠤᠨ ᠬᠡᠪᠯᠡᠭᠲᠡᠭᠰᠡᠨ ᠨᠢ ᠦᠪᠦᠷ ᠮᠤᠩᠭ᠋ᠤᠯ ᠳ᠋ᠤ ᠺᠠᠷᠲ᠋ᠤᠨ ᠵᠢᠷᠤᠭ ᠤᠨ ᠬᠡᠯᠪᠡᠷᠢ ᠪᠡᠷ ᠴᠢᠩᠬᠢᠰ ᠬᠠᠭᠠᠨ ᠤ ᠨᠢᠭᠡ ᠨᠠᠰᠤᠨ ᠤ ᠦᠯᠢᠭᠡᠷ ᠦᠢᠯᠡ ᠶᠠᠪᠤᠲᠠᠯ ᠢ ᠲᠡᠮᠲᠡᠭᠯᠡᠭᠰᠡᠨ ᠨᠤᠮ ᠬᠤᠪᠤᠷ ᠪᠠᠢᠢᠭ᠎ᠠ ᠪᠠᠢᠢᠲᠠᠯ ᠢ ᠨᠦᠬᠦᠪᠦᠷᠢᠯᠡ᠂ ᠴᠢᠩᠬᠢᠰ ᠬᠠᠭᠠᠨ ᠤ ᠦᠢᠯᠡ ᠠᠵᠢᠯᠯᠠᠭ᠎ᠠ ᠶᠢ ᠤᠢᠢᠯᠠᠭᠠᠬᠤ᠂ ᠮᠤᠩᠭ᠋ᠤᠯ ᠤᠨ ᠰᠤᠶᠤᠯ ᠲᠡᠦᠬᠡ ᠪᠠᠨ ᠤᠢᠢᠯᠠᠭᠠᠬᠤ ᠳ᠋ᠤ ᠶᠡᠬᠡᠬᠡᠨ ᠲᠤᠰᠠ ᠲᠡᠮᠵᠢᠯᠭᠡ ᠪᠤᠯᠬᠤ ᠶᠤᠮ᠃

    ᠤᠢᠢᠯᠠᠭᠠᠭᠰᠠᠨ ᠶᠢᠡᠷ᠂ ᠲᠤᠰ ᠨᠤᠮ ᠨᠢ ᠤᠷᠠᠨ ᠵᠢᠷᠤᠭ ᠪᠠ ᠤᠬᠤᠷ ᠠᠪᠰᠠᠷᠬᠠᠨ ᠦᠭᠡ ᠦᠬᠦᠯᠡᠪᠦᠷᠢ ᠪᠡᠷ ᠬᠦᠮᠦᠰ ᠤᠨ ᠠᠩᠬᠠᠷᠤᠯ ᠳ᠋ᠤ ᠬᠦᠷᠦᠭᠰᠡᠨ ᠶᠢᠡᠷ ᠤᠬᠤᠷᠬᠠᠨ 3 ᠰᠠᠷ᠎ᠠ ᠶᠢᠨ ᠬᠤᠭᠤᠴᠠᠭᠠᠨ ᠳ᠋ᠤ 4000 ᠢᠵᠢ ᠪᠤᠷᠤᠯᠠᠭᠤᠯᠤᠭᠲᠠᠵᠤ᠂ ᠬᠡᠦᠬᠡᠳ ᠪᠠᠭᠠᠴᠤᠳ ᠤᠨ ᠤᠷᠮ᠎ᠠ ᠪᠠᠭ᠎ᠠ ᠶᠢ ᠲᠠᠲᠠᠭᠰᠠᠨ ᠬᠡᠦᠬᠡᠳ ᠤᠨ ᠰᠢᠯᠢᠲᠡᠭ ᠨᠤᠮ ᠤᠨ ᠨᠢᠭᠡ ᠪᠤᠯᠪᠠ᠃

    《ᠴᠢᠩᠬᠢᠰ ᠬᠠᠭᠠᠨ 》ᠺᠠᠷᠲ᠋ᠤᠨ ᠨᠤᠮ ᠤᠨ ᠵᠤᠬᠢᠶᠠᠭᠴᠢ ᠰᠢᠨᠬᠤᠸᠠ ᠮᠤᠩᠭ᠋ᠤᠯ ᠨᠸᠲ ᠶᠢᠡᠷ ᠲᠠᠮᠵᠢᠭᠤᠯᠤᠨ ᠤᠩᠰᠢᠭᠴᠢ ᠲᠠ ᠪᠦᠬᠦᠨ ᠳ᠋ᠡᠭᠡᠨ ᠶᠠᠷᠢᠭᠰᠠᠨ ᠦᠭᠡ ᠶᠢ ᠲᠠᠮᠵᠢᠭᠤᠯᠤᠶ᠎ᠠ!(ᠵᠤᠬᠢᠶᠠᠯ ᠤᠨ ᠡᠬᠢᠨ ᠳ᠋ᠤ ᠪᠤᠢ )

    

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120859248