蒙古文网站Logo
ᠰᠢᠨᠬᠤᠸᠠ ᠮᠤᠩᠭ᠋ᠤᠯ ᠨᠧᠲ

2017 ᠪᠦᠪᠠᠢ ᠳᠡᠯᠡᠬᠡᠢ ᠮᠣᠩᠭ᠋ᠤᠯ ᠲᠤᠯᠭᠠᠲᠠᠨ ᠤ ᠢᠷᠠᠭᠤ ᠨᠠᠶᠢᠷᠠᠭ ᠤᠨ ᠨᠠᠭᠠᠳᠤᠮ ᠠᠮᠵᠢᠯᠲᠠ ᠲᠠᠢ ᠪᠤᠯᠵᠤ ᠦᠩᠭᠡᠷᠡᠯ᠎ᠠ

2017-04-25 11:11

    ᠰᠢᠨᠬᠤᠧᠠ ᠮᠣᠩᠭ᠋ᠤᠯ ᠨᠧᠲ  ᠬᠦᠬᠡᠬᠤᠲᠠ ᠶᠢᠨ 4 ᠰᠠᠷ᠎ᠠ ᠶᠢᠨ 23 ᠤ ᠡᠳᠦᠷ ᠤᠨ ᠴᠠᠬᠢᠯᠭᠠᠨ ᠮᠡᠳᠡᠭᠡ (ᠰᠤᠷᠤᠶ᠎ᠠ)  3 ᠰᠠᠷ᠎ᠠ ᠶᠢᠨ 21 ᠤ ᠳᠡᠯᠡᠬᠡᠢ ᠶᠢᠨ ᠢᠷᠡᠭᠤ ᠨᠠᠶᠢᠷᠠᠭ ᠤᠨ ᠡᠳᠦᠷ ᠪᠤᠯᠤᠨ 4 ᠰᠠᠷ᠎ᠠ ᠶᠢᠨ 23 ᠤ ᠳᠡᠯᠡᠬᠡᠢ ᠶᠢᠨ ᠨᠤᠮ ᠤᠩᠰᠢᠬᠤ ᠡᠳᠦᠷ ᠲᠤ ᠵᠣᠷᠢᠭᠤᠯᠤᠭᠰᠠᠨ 2017 ᠪᠦᠪᠠᠢ ᠳᠡᠯᠡᠬᠡᠢ ᠮᠣᠩᠭ᠋ᠤᠯ ᠲᠤᠯᠭᠠᠲᠠᠨ ᠤ ᠢᠷᠠᠭᠤ ᠨᠠᠶᠢᠷᠠᠭ ᠤᠨ ᠨᠠᠭᠠᠳᠤᠮ ᠤᠨ ᠰᠢᠢᠳᠪᠤᠷᠢᠲᠤ ᠲᠡᠮᠡᠴᠡᠭᠡᠨ 23 ᠤ ᠡᠳᠦᠷ ᠤᠨ ᠦᠳᠡ ᠶᠢᠨ ᠬᠤᠶᠢᠨ᠎ᠠ ᠬᠦᠬᠡᠬᠤᠲᠠᠨ᠎ᠠ ᠶᠠᠪᠤᠭᠳᠠᠯ᠎ᠠ᠃

    ᠤᠶᠢᠯᠠᠭᠠᠭᠰᠠᠨ ᠢᠶᠡᠷ᠂ ᠲᠤᠰ ᠤᠳᠠᠭᠠᠨ ᠤ ᠪᠦᠪᠠᠢ ᠳᠡᠯᠡᠬᠡᠢ ᠮᠣᠩᠭ᠋ᠤᠯ ᠲᠤᠯᠭᠠᠲᠠᠨ ᠤ ᠢᠷᠠᠭᠤ ᠨᠠᠶᠢᠷᠠᠭ ᠤᠨ ᠲᠡᠮᠡᠴᠡᠭᠡᠨ ᠨᠢ ᠶᠢᠰᠦᠳᠡᠬᠢ ᠤᠳᠠᠭᠠᠨ ᠤ ᠲᠡᠮᠡᠴᠡᠭᠡᠨ ᠪᠤᠯᠤᠨ᠎ᠠ᠂ ᠤᠷᠤᠯᠴᠠᠭᠰᠠᠳ ᠢ ᠲᠤᠮᠤᠴᠤᠤᠯ ᠤᠨ ᠪᠠᠭ ᠪᠠ ᠪᠠᠭᠠᠴᠤᠳ ᠤᠨ ᠪᠠᠭ ᠬᠤᠪᠢᠶᠠᠨ 3 ᠰᠠᠷ᠎ᠠ ᠶᠢᠨ 21 ᠡᠴᠡ ᠡᠬᠢᠯᠡᠨ 4 ᠰᠠᠷ᠎ᠠ ᠶᠢᠨ 10 ᠤ ᠡᠳᠦᠷ ᠪᠤᠯᠲᠠᠯ᠎ᠠ ᠨᠡᠷ᠎ᠠ ᠪᠦᠷᠢᠳᠭᠡᠭᠦᠯᠪᠠ᠃

    ᠲᠡᠮᠡᠴᠡᠭᠡᠨ ᠡᠴᠤᠰ ᠲᠤ᠂ ᠲᠤᠮᠤᠴᠤᠤᠯ ᠤᠨ ᠪᠠᠭ ᠡᠴᠡ ᠠᠷᠤ ᠬᠤᠷᠴᠢᠨ ᠬᠤᠰᠢᠭᠤ ᠪᠡᠷ ᠨᠤᠲᠤᠭ ᠲᠠᠢ ᠤᠮᠨᠠᠷᠤᠨ ᠴᠤᠯᠮᠤᠨ ᠤ ᠪᠦᠳᠦᠬᠡᠯ ᠮᠠᠩᠯᠠᠶᠢᠯᠠᠵᠤ᠂ ᠪᠠᠭᠠᠴᠤᠳ ᠤᠨ ᠪᠠᠭ ᠡᠴᠡ ᠰᠢᠯᠤᠭᠤᠨ ᠬᠦᠬᠡ ᠬᠤᠰᠢᠭᠤ ᠪᠡᠷ ᠨᠤᠲᠤᠭ ᠲᠠᠢ ᠪᠦᠵᠢᠳᠮ᠎ᠠ ᠮᠠᠩᠯᠠᠶᠢᠯᠠᠪᠠ᠃ ᠲᠡᠮᠡᠴᠡᠭᠡᠨ ᠢᠶᠡᠷ ᠪᠠᠰᠠ ᠮᠣᠩᠭ᠋ᠤᠯ ᠤᠯᠤᠰ ᠤᠨ ᠢᠷᠡᠭᠤ ᠨᠠᠶᠢᠷᠠᠭᠴᠢ ᠪᠠᠪᠤᠳᠤᠷᠵᠢ᠂ ᠮᠦᠩᠬᠡᠳᠦ᠋ᠷᠦ᠂ ᠴᠠᠩᠲᠤ ᠠᠶᠤᠰᠢ ᠨᠠᠷ ᠰᠢᠯᠦᠭ ᠤᠶᠠᠩ᠋ᠭᠠᠯᠠᠨ ᠤᠷᠮ᠎ᠠ ᠬᠦᠭ᠍ᠵᠢᠭᠡᠯ᠎ᠠ᠃

ᠢᠷᠡᠯᠳᠡ᠄ ᠰᠢᠨᠬᠤᠧᠠ ᠮᠣᠩᠭ᠋ᠤᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120869474