蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ ᠤᠨ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠡᠯᠰᠡᠭᠰᠡᠨ ᠵᠤᠬᠢᠶᠠᠯ ᠤᠨ ᠤᠷᠤᠯᠲᠤᠭᠠᠨ ᠤ ᠱᠠᠩᠨᠠᠯ ᠤᠯᠭᠤᠬᠤ ᠶᠤᠰᠤᠯᠠᠯ ᠪᠤᠯᠵᠤ ᠦᠩᠭᠡᠷᠡᠪᠡ

2017-04-25 11:11

    ᠰᠢᠨᠬᠤᠸᠠ ᠮᠤᠩᠭ᠋ᠤᠯ ᠨᠸᠲ  ᠬᠦᠬᠡᠬᠤᠲᠠ ᠶᠢᠨ 4 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ (ᠬ • ᠦᠵᠡᠰᠭᠦᠯᠡᠩ)  ᠦᠪᠦᠷ ᠮᠤᠩᠭ᠋ᠤᠯ ᠤᠨ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠡᠯᠰᠡᠭᠰᠡᠨ ᠵᠤᠬᠢᠶᠠᠯ ᠤᠨ ᠤᠷᠤᠯᠲᠤᠭᠠᠨ 1 ᠰᠠᠷ᠎ᠠ ᠶᠢᠨ 4 ᠤ ᠡᠲᠦᠷ ᠦᠨᠳᠦᠷᠯᠡᠵᠦ᠂ 4 ᠰᠠᠷ᠎ᠠ ᠶᠢᠨ 24 ᠤ ᠤᠷᠤᠢ ᠱᠠᠩᠨᠠᠯ ᠤᠯᠭᠤᠬᠤ ᠶᠤᠰᠤᠯᠠᠯ ᠨᠢ ᠬᠦᠬᠡᠬᠤᠲᠠ ᠳ᠋ᠤ ᠪᠤᠯᠵᠤ ᠦᠩᠭᠡᠷᠡᠪᠡ᠃

    ᠲᠤᠰ ᠤᠷᠤᠯᠲᠤᠭᠠᠨ ᠢ ᠡᠪ ᠬᠠᠮᠲᠤ ᠵᠠᠯᠠᠭᠤᠴᠣᠳ ᠤᠨ ᠡᠪᠯᠡᠯ ᠤᠨ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠬᠤᠷᠢᠶ᠎ᠠ᠂ ᠦᠪᠦᠷ ᠮᠤᠩᠭ᠋ᠤᠯ ᠤᠨ ᠡᠲᠦᠷ ᠤᠨ ᠰᠤᠨᠢᠨ ᠤ ᠬᠤᠷᠢᠶ᠎ᠠ᠂ ᠦᠪᠦᠷ ᠮᠤᠩᠭ᠋ᠤᠯ ᠤᠨ ᠵᠤᠬᠢᠶᠠᠯᠴᠢᠳ ᠤᠨ ᠡᠪᠯᠡᠯ ᠡᠴᠡ ᠰᠠᠨᠠᠭᠠᠴᠢᠯᠠᠵᠤ᠂ ᠦᠪᠦᠷ ᠮᠤᠩᠭ᠋ᠤᠯ ᠤᠨ ᠦᠨᠳᠦᠰᠦᠲᠡᠨ ᠤ ᠵᠠᠯᠠᠭᠤᠴᠤᠳ ᠪᠠᠭᠠᠴᠤᠳ ᠤᠨ ᠰᠡᠳᠬᠦᠯ ᠤᠨ ᠬᠤᠷᠢᠶ᠎ᠠ᠂ ᠲᠤᠮᠲᠠᠲᠤ ᠤᠯᠤᠰ ᠤᠨ ᠮᠤᠩᠭ᠋ᠤᠯ ᠬᠡᠯᠡᠨ ᠤ ᠰᠤᠨᠢᠨ ᠮᠡᠲᠡᠭᠡ ᠶᠢᠨ ᠰᠦᠯᠵᠢᠶ᠎ᠠ ᠡᠴᠡ ᠵᠤᠬᠢᠶᠠᠨ ᠪᠠᠢᠢᠭᠤᠯᠪᠠ᠃ ᠤᠢᠢᠯᠠᠭᠠᠭᠰᠠᠨ ᠶᠢᠡᠷ᠂ ᠡᠨᠡᠬᠦ ᠡᠭᠡᠯᠵᠢ ᠶᠢᠨ ᠤᠷᠤᠯᠲᠤᠭᠠᠨ ᠳ᠋ᠤ 51 ᠪᠦᠲᠦᠭᠡᠯ ᠬᠢᠨᠠᠨ ᠰᠢᠯᠭᠠᠷᠠᠭᠤᠯᠤᠯᠲᠠ ᠳᠤ ᠳᠡᠪᠰᠢᠭᠳᠡᠬᠦ ᠡᠷᠬᠡ ᠤᠯᠵᠤ᠂ ᠰᠢᠭᠦᠭ᠍ᠴᠢᠳ ᠤᠨ ᠬᠢᠨᠠᠯᠲᠠ ᠪᠡᠷ ᠲᠡᠷᠢᠬᠦᠨ ᠪᠠᠢᠢᠷᠢᠨ ᠳ᠋ᠤ ᠲ • ᠪᠦᠬᠡᠪᠢᠯᠢᠭ᠌᠂ ᠬᠦᠨᠡᠰᠦᠲᠦ ᠶᠢᠨ 《ᠠᠷᠪᠠᠨ ᠵᠢᠯ ᠤᠨ ᠤᠯᠠ ᠮᠦᠷ 》᠂ ᠲᠡᠳ᠋ ᠪᠠᠢᠢᠷᠢᠨ ᠳ᠋ᠤ ᠴ • ᠰᠤᠲᠤᠪᠢᠯᠢᠭ᠌ ᠤᠨ 《 ᠮᠤᠩᠭ᠋ᠤᠯ ᠠᠭᠲᠠ ᠶᠢᠨ ᠤᠮᠤᠭᠯᠠᠩ ᠵᠢᠪᠬᠤᠭ᠎ᠠ᠂ ᠮᠤᠩᠭ᠋ᠤᠯ ᠬᠦᠦ ᠶᠢᠨ ᠮᠦᠩᠬᠡ ᠶᠢᠨ ᠬᠦᠰᠢᠶ᠎ᠠ》 ᠪᠠ ᠴᠦᠯᠬᠦᠳ ᠴᠠᠭᠠᠨ ᠤ 《ᠨᠠᠷᠠᠨ ᠵᠦᠭ ᠤᠨ ᠵᠠᠮ ᠤᠷᠲᠤ》᠂ ᠭᠤᠷᠪᠠᠲᠤᠭᠠᠷ ᠪᠠᠢᠢᠷᠢᠨ ᠳ᠋ᠤ ᠳ • ᠪᠠᠲᠤᠨᠠᠰᠤᠨ ᠤ 《ᠬᠤᠤᠰ ᠮᠤᠷᠢ ᠲᠠᠢ ᠬᠦᠮᠦᠨ ᠬᠤᠯᠠ ᠶᠠᠪᠤᠲᠠᠭ》᠂ ᠦᠨᠢᠷᠰᠤᠲᠤ ᠶᠢᠨ 《ᠢᠪᠡᠭᠡᠯᠲᠦ ᠨᠠᠷᠠᠠ ᠤ ᠢᠯᠴᠢᠨ ᠳ᠋ᠤ》᠂ ᠨᠠ᠊ • ᠲᠠᠯᠠᠨᠲᠠᠢ ᠶᠢᠨ 《ᠰᠡᠳᠬᠢᠯ ᠤᠨ ᠰᠦᠮᠪᠦᠷ ᠤᠪᠤᠭ᠎ᠠ》ᠵᠡᠷᠭᠡ ᠵᠤᠬᠢᠶᠠᠯ ᠲᠤᠲᠤᠷᠠᠪᠠ᠃

    ᠦᠪᠦᠷ ᠮᠤᠩᠭ᠋ᠤᠯ ᠤᠨ ᠡᠪᠯᠡᠯ ᠤᠨ ᠬᠤᠷᠢᠶᠠᠨ ᠤ ᠲᠡᠳ᠋ ᠲᠤᠭᠤᠷᠢᠨ ᠪᠠᠢᠢᠴᠠᠭᠠᠭᠴᠢ ᠭᠡᠭᠡᠨᠲᠤᠶᠠᠭ᠎ᠠ ᠄《 ᠦᠪᠦᠷ ᠮᠤᠩᠭ᠋ᠤᠯ ᠤᠨ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠡᠯᠰᠡᠭᠰᠡᠨ ᠵᠤᠬᠢᠶᠠᠯ ᠤᠨ ᠤᠷᠤᠯᠲᠤᠭᠠᠨ᠂ ᠱᠠᠩᠨᠠᠯ ᠤᠯᠭᠤᠬᠤ ᠶᠤᠰᠤᠯᠠᠯ ᠢ ᠵᠤᠬᠢᠶᠠᠨ ᠪᠠᠢᠢᠭᠤᠯᠵᠤ ᠪᠠᠢᠢᠭ᠎ᠠ ᠨᠢ ᠦᠪᠦᠷ ᠮᠤᠩᠭ᠋᠋ᠤᠯ ᠤᠨ ᠡᠪᠯᠡᠯ ᠤᠨ ᠬᠤᠷᠢᠶ᠎ᠠ ᠡᠴᠡ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭᠠᠨ ᠤ ᠨᠠᠮ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠵᠤᠷᠢᠭ ᠰᠠᠨᠠᠭ᠎ᠠ ᠪᠠ ᠡᠪ ᠬᠠᠮᠲᠤ ᠵᠠᠯᠠᠭᠤᠴᠤᠳ ᠤᠨ ᠡᠪᠯᠡᠯ ᠤᠨ ᠲᠦᠪ ᠬᠤᠷᠢᠶᠠᠨ ᠤ < ᠨᠢᠭᠡ ᠶᠢ ᠰᠤᠷᠤᠯᠴᠠᠨ ᠨᠢᠭᠡ ᠳ᠋ᠤ ᠲᠡᠩᠴᠡᠬᠦᠯᠬᠦ > ᠦᠢᠯᠡᠳᠦᠯᠭᠡ ᠬᠦᠮᠦᠵᠢᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠵᠤ᠂ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠪᠠᠢᠢᠭᠤᠯᠤᠭᠲᠠᠭᠰᠠᠨ 70 ᠵᠢᠯ ᠤᠨ ᠤᠢ ᠶᠢ ᠪᠡᠯᠭᠡᠯᠡᠬᠦ ᠪᠤᠲᠠᠲᠤ ᠠᠵᠢᠯᠯᠠᠭ᠎ᠠ ᠶᠢᠨ ᠨᠢᠭᠡ ᠪᠤᠯᠤᠨ᠎ᠠ᠃ ᠮᠦᠨ ᠤᠷᠤᠯᠲᠤᠭᠠᠨ ᠶᠢᠡᠷ ᠰᠡᠬᠦᠯ ᠤᠨ ᠦᠶ᠎ᠠ ᠳ᠋ᠤ ᠠᠵᠢᠯ ᠤᠨ ᠹᠷᠤᠨᠲ ᠲᠠᠭᠠᠨ ᠴᠤᠯᠭᠤᠷᠠᠭᠰᠠᠨ ᠲᠠᠭᠤᠷᠢᠶᠠᠯᠴᠢ ᠬᠦᠮᠦᠰ ᠤᠨ ᠵᠢᠱᠢᠶᠡᠴᠢ ᠦᠢᠯᠡ ᠠᠵᠢᠯᠯᠠᠭ᠎ᠠ ᠶᠢ ᠤᠬᠠᠭᠤᠯᠤᠨ ᠰᠤᠷᠲᠠᠯᠴᠢᠯᠠᠵᠤ᠂ ᠵᠠᠯᠠᠭᠤᠴᠤᠳ ᠢ ᠤᠷᠮᠠᠰᠢᠭᠤᠯᠤᠨ᠂ ᠡᠬᠡ ᠤᠷᠤᠨ ᠶᠢᠡᠨ ᠬᠠᠢᠢᠷᠠᠯᠠᠬᠤ ᠂ ᠡᠬᠡ ᠨᠤᠲᠤᠭ ᠶᠢᠡᠨ ᠪᠦᠲᠦᠭᠡᠨ ᠪᠠᠢᠢᠭᠤᠯᠬᠤ᠂ ᠡᠬᠡ ᠤᠷᠤᠨ ᠤ ᠪᠠᠨ ᠤᠮᠠᠷᠠᠲᠤ ᠶᠢᠨ ᠦᠵᠡᠮᠵᠢ ᠶᠢᠨ ᠤᠷᠤᠨ ᠢ ᠨᠡᠩ ᠦᠵᠡᠰᠬᠦᠯᠡᠩᠲᠦ ᠰᠠᠢᠢᠬᠠᠨ ᠪᠤᠯᠭᠠᠨ ᠪᠦᠲᠦᠭᠡᠨ ᠪᠠᠢᠢᠭᠤᠯᠬᠤ ᠳ᠋ᠤ ᠵᠦᠪ ᠡᠨ᠋ᠸᠷᠬᠢ ᠬᠠᠩᠭ᠋ᠠᠬᠤ ᠪᠤᠯᠤᠨ᠎ᠠ》 ᠭᠡᠵᠡᠢ᠃

    ᠰᠡᠬᠦᠯ ᠤᠨ ᠦᠶ᠎ᠠ ᠳ᠋ᠤ᠂ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠡᠪᠯᠡᠯ ᠤᠨ ᠬᠤᠷᠢᠶ᠎ᠠ ᠴᠦᠬᠡᠨ ᠲᠤᠭᠠᠲᠤ ᠦᠨᠳᠦᠰᠦᠲᠡᠨ ᠤ ᠦᠭᠡ ᠬᠡᠯᠡ ᠦᠰᠦᠭ ᠪᠢᠴᠢᠭ᠌ ᠤᠨ ᠰᠤᠶᠤᠯ ᠤᠨ ᠪᠦᠲᠦᠭᠡᠭ᠍ᠲᠡᠬᠦᠨ ᠶᠢᠡᠷ ᠵᠠᠯᠠᠭᠤᠴᠤᠳ ᠢ ᠬᠦᠲᠦᠯᠦᠨ ᠲᠠᠭᠠᠭᠤᠯᠬᠤ ᠪᠡᠷ ᠦᠷ᠎ᠠ ᠠᠰᠢᠭ ᠦᠨᠳᠦᠷ ᠤᠯᠠᠨ ᠵᠦᠢᠯ ᠤᠨ ᠴᠤᠪᠤᠷᠠᠯ ᠠᠷᠭ᠎ᠠ ᠬᠡᠮᠵᠢᠶ᠎᠎ᠠ ᠵᠤᠬᠢᠶᠠᠨ ᠪᠠᠢᠢᠭᠤᠯᠪᠠ᠃ 《ᠦᠪᠦᠷ ᠮᠤᠩᠭ᠋ᠤᠯ ᠤᠨ ᠵᠠᠯᠠᠭᠤᠴᠤᠳ》 ᠰᠡᠳᠬᠦᠯ ᠡᠴᠡ ᠵᠤᠬᠢᠶᠠᠨ ᠪᠠᠢᠢᠭᠤᠯᠵᠤ ᠪᠠᠢᠢᠭ᠎ᠠ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠡᠯᠰᠡᠭᠰᠡᠨ ᠵᠤᠬᠢᠶᠠᠯ ᠤᠨ ᠤᠷᠤᠯᠲᠤᠭᠠᠨ ᠤ ᠲᠠᠭᠠᠤ ᠬᠤᠶᠠᠷ ᠬᠤᠭᠤᠴᠠᠭᠠᠨ ᠤ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠵᠠᠯᠠᠭᠤ ᠵᠤᠬᠢᠶᠠᠯᠴᠢᠳ ᠤᠨ ᠪᠤᠯᠪᠠᠰᠤᠷᠠᠯ ᠤᠨ ᠠᠩᠬᠢ ᠡᠷᠬᠢᠯᠡᠵᠦ᠂ 120 ᠭᠠᠷᠤᠢ ᠮᠤᠩᠭ᠋ᠤᠯ ᠮᠡᠲᠡᠭᠡᠯᠡᠯ ᠤᠨ ᠤᠷᠠᠨ ᠵᠤᠬᠢᠶᠠᠯ ᠤᠨ ᠵᠠᠯᠠᠭᠤ ᠵᠤᠬᠢᠶᠠᠯᠴᠢᠳ ᠢ ᠬᠦᠮᠦᠵᠢᠬᠦᠯᠪᠡ᠃

ᠲᠡᠷᠢᠬᠦᠨ ᠲᠡᠰ ᠲᠤ ᠲᠤᠲᠤᠷᠠᠭᠰᠠᠳ ᠲᠤ ᠱᠠᠩᠨᠠᠯ ᠭᠠᠷᠲᠠᠭᠤᠯᠵᠤ ᠪᠠᠢᠢᠭ᠎ᠠ ᠨᠢ

ᠬᠤᠶᠠᠲᠤᠭᠠᠷ ᠪᠠᠢᠢᠷᠢᠨ ᠳ᠋ᠤ ᠲᠤᠲᠤᠷᠠᠭᠰᠠᠳ ᠲᠤ ᠱᠠᠩᠨᠠᠯ ᠭᠠᠷᠲᠠᠭᠤᠯᠵᠤ ᠪᠠᠢᠢᠭ᠎ᠠ ᠨᠢ

ᠭᠤᠷᠪᠠᠲᠤᠭᠠᠷ ᠪᠠᠢᠢᠷᠢᠨ ᠳ᠋ᠤ ᠲᠤᠲᠤᠷᠠᠭᠰᠠᠳ ᠲᠤ ᠱᠠᠩᠨᠠᠯ ᠭᠠᠷᠲᠠᠭᠤᠯᠵᠤ ᠪᠠᠢᠢᠭ᠎ᠠ ᠨᠢ

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120869530