蒙古文网站Logo
ᠰᠢᠨᠬᠤᠸᠠ ᠮᠤᠩᠭ᠋ᠤᠯ ᠨᠧᠲ

ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ‍ᠤᠨ ᠤᠢ ᠳᠤ ᠵᠤᠷᠢᠭᠤᠯᠤᠭᠰᠠᠨ ᠮᠤᠩᠭᠤᠯ ᠤᠷᠠᠨ ᠪᠢᠴᠢᠯᠭᠡ ᠶ᠋ᠢᠨ ᠦᠵᠡᠰᠬᠦᠯᠡᠩ ᠪᠤᠯᠪᠠ

2017-04-26 16:03

    4 ᠰᠠᠷ᠎ᠠ ᠶ᠋ᠢᠨ 22 ‍ᠤᠨ ᠡᠳᠦᠷ᠂ ᠤᠯᠠᠭᠠᠨᠬᠠᠳᠠ ᠬᠤᠳᠠ ᠶ᠋ᠢᠨ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠰᠠᠨᠠᠭᠠᠴᠢᠯᠠᠵᠤ᠂ ᠤᠯᠠᠭᠠᠨᠬᠠᠳᠠ ᠬᠤᠳᠠ ᠶ᠋ᠢᠨ ᠮᠤᠩᠭᠤᠯ ᠤᠷᠠᠨ ᠪᠢᠴᠢᠯᠭᠡᠳᠡᠳ ‍ᠤᠨ ᠨᠡᠶᠢᠭᠡᠮᠯᠢᠭ᠂ ᠪᠠᠭᠠᠷᠢᠨ ᠪᠠᠷᠠᠭᠤᠨ ᠬᠤᠰᠢᠭᠤᠨ ‍ᠤ ᠮᠤᠩᠭᠤᠯ ᠤᠷᠠᠨ ᠪᠢᠴᠢᠯᠭᠡ ᠶ᠋ᠢᠨ ᠵᠤᠬᠢᠶᠠᠨ ᠪᠦᠳᠦᠬᠡᠬᠦ ᠰᠠᠭᠤᠷᠢᠨ ᠭᠠᠵᠠᠷ᠂ ᠪᠠᠭᠠᠷᠢᠨ ᠪᠠᠷᠠᠭᠤᠨ ᠬᠤᠰᠢᠭᠤᠨ ‍ᠤ ᠮᠤᠩᠭᠤᠯ ᠤᠷᠠᠨ ᠪᠢᠴᠢᠯᠭᠡᠳᠡᠨ ᠤ ᠨᠡᠶᠢᠭᠡᠮᠯᠢᠭ ᠡᠴᠡ ᠬᠠᠮᠳᠤᠷᠠᠨ ᠵᠤᠬᠢᠶᠠᠨ ᠪᠠᠶᠢᠭᠤᠯᠤᠭᠰᠠᠨ ᠦᠪᠦᠷ ᠮᠤᠩᠭᠤᠯ ‍ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ‍ᠤᠨ ᠤᠢ ᠶ᠋ᠢ ᠤᠭᠳᠤᠨ ᠳᠡᠮᠳᠡᠭᠯᠡᠬᠦ ᠬᠤᠳᠠ ᠲᠠᠶᠠᠭᠠᠷ ᠤᠨ ᠮᠤᠩᠭᠤᠯ ᠤᠷᠠᠨ ᠪᠢᠴᠢᠯᠭᠡ ᠶ᠋ᠢᠨ ᠦᠵᠡᠰᠬᠦᠯᠡᠩ ᠪᠠᠭᠠᠷᠢᠨ ᠪᠠᠷᠠᠭᠤᠨ ᠬᠤᠰᠢᠭᠤᠨ ᠳ᠋ᠤ ᠶᠠᠪᠣᠭᠳᠠᠪᠠ᠃

    ᠲᠤᠰ ᠤᠳᠠᠭᠠᠨ ‍ᠤ ᠦᠵᠡᠰᠬᠦᠯᠡᠩ ᠳ᠋ᠤ᠂ ᠤᠯᠠᠭᠠᠨᠬᠠᠳᠠ ᠬᠤᠳᠠ ᠶ᠋ᠢᠨ ᠮᠤᠩᠭᠤᠯ ᠪᠢᠴᠢᠯᠭᠡ ᠶ᠋ᠢᠨ ᠬᠠᠮᠤᠭ ᠤᠨ ᠦᠨᠳᠦᠷ ᠬᠢᠷᠢ ᠬᠡᠮᠵᠢᠶ᠎ᠡ ᠶ᠋ᠢ ᠬᠠᠷᠠᠭᠤᠯᠤᠬᠰᠠᠨ ᠣᠷᠡᠨ ᠪᠢᠴᠢᠯᠭᠡ᠂ ᠭᠤᠷ ᠰᠡᠶᠢᠯᠦᠮᠡᠯ ᠤᠨ ᠪᠦᠳᠦᠭᠡᠯ ‍ᠤᠳ ᠲᠡᠯᠭᠡᠭᠳᠡᠵᠣ᠂《ᠦᠪᠦᠷ ᠮᠤᠩᠭᠤᠯ ‍ᠤᠨ ᠦᠬᠡᠷᠡᠴᠢᠯᠡᠯᠳᠡ ᠬᠦᠭᠵᠢᠯᠳᠡ ᠶ᠋ᠢᠨ 70 ᠵᠢᠯ ‍ᠢ ᠮᠠᠭᠳᠠᠨ ᠲᠠᠭᠤᠯᠠᠬᠤ》 ᠪᠡᠷ ᠭᠤᠤᠯ ᠰᠡᠳᠦᠪᠯᠡᠬᠦᠨ  ᠪᠤᠯᠭᠠᠵᠤ᠂ ᠤᠯᠠᠭᠠᠨᠬᠠᠳᠠ ᠤᠷᠤᠨ ᠤ ᠮᠤᠩᠭᠤᠯ ᠤᠷᠠᠨ ᠪᠢᠴᠢᠯᠭᠡᠳᠡᠳ ‍ᠤᠨ ᠤᠯᠠᠨ ᠵᠢᠯ ᠤᠨ ᠲᠤᠷᠰᠢ ᠬᠠᠷᠢᠯᠴᠠᠨ ᠰᠤᠷᠤᠯᠴᠠᠵᠤ ᠬᠠᠮᠳᠣ ᠪᠡᠷ ᠲᠠᠪᠰᠢᠭᠰᠠᠨ ᠲᠠᠯᠠᠭᠠᠳ ᠰᠢᠯᠢᠳᠡᠭ ᠪᠦᠳᠦᠬᠡᠯ ‍ᠢ ᠲᠡᠯᠬᠡᠨ ᠦᠵᠡᠬᠦᠯᠵᠠᠢ᠃ ᠤᠯᠠᠭᠠᠨᠬᠠᠳᠠ ᠬᠤᠳᠠ ᠶ᠋ᠢᠨ ᠮᠤᠩᠭᠤᠯ ᠤᠷᠠᠨ ᠪᠢᠴᠢᠯᠭᠡᠳᠠᠨ ‍ᠤ ᠨᠡᠶᠢᠬᠡᠮᠯᠢᠭ ‍ᠤᠨ ᠲᠠᠷᠢᠬᠦᠯᠡᠭᠴᠢ ᠲᠦᠬᠦᠷᠡᠩᠰᠠᠩ᠄ 《ᠲᠤᠰ ᠤᠳᠠᠭᠠᠨ ᠤ ᠦᠵᠡᠬᠦᠯᠦᠯᠬᠡ ᠶ᠋ᠢᠨ ᠪᠦᠳᠦᠬᠡᠯ ᠨᠢ ᠬᠦᠨ ᠵᠤᠵᠠᠭᠠᠨ ᠮᠤᠩᠭᠤᠯ ᠰᠤᠶᠤᠯ ᠤᠨ ᠤᠯᠠᠮᠵᠢᠯᠠᠯ ᠳ᠋ᠤ ᠰᠠᠭᠤᠷᠢᠯᠠᠭᠰᠠᠨ ᠴᠠᠭ ᠦᠶ᠎ᠡ ᠶ᠋ᠢᠨ ᠤᠨᠴᠠᠯᠢᠭ ᠲᠠᠢ᠂ ᠦᠨᠳᠦᠰᠦᠨ ᠳ᠋ᠡᠭᠡᠨ ᠤᠯᠠᠭᠠᠨᠬᠠᠳᠠ ᠶ᠋ᠢᠨ ᠮᠤᠩᠭᠤᠯ ᠤᠷᠠᠨ ᠪᠢᠴᠢᠯᠭᠡ ᠶ᠋ᠢᠨ ᠤᠳᠤ ᠦᠶ᠎ᠡ ᠶ᠋ᠢᠨ ᠵᠤᠬᠢᠶᠠᠨ ᠪᠦᠳᠦᠭᠡᠯᠳᠡ ᠶ᠋ᠢᠨ ᠬᠢᠷᠢ ᠲᠦᠪᠰᠢᠨ ᠢ ᠲᠤᠰᠬᠠᠵᠠᠢ᠃ ᠦᠵᠡᠬᠦᠯᠦᠯᠭᠡ ᠨᠢ ᠪᠠᠰᠠ ᠤᠳᠤᠬᠢ ᠤᠯᠠᠭᠠᠨᠬᠠᠳᠠ  ᠤᠷᠤᠨ ᠤ ᠮᠤᠩᠭᠤᠯ ᠤᠷᠠᠨ ᠪᠢᠴᠢᠯᠭᠡ ᠶ᠋ᠢᠨ ᠦᠶᠡᠯᠡᠯ ᠤᠨ ᠴᠢᠨᠠᠷᠳᠠᠢ ᠲᠦᠪᠯᠡᠷᠡᠬᠦᠯᠦᠭᠰᠡᠨ ᠦᠵᠡᠬᠦᠯᠦᠯᠭᠡ᠂ ᠰᠢᠨ᠎ᠠ ᠡᠷᠢᠨ ᠵᠠᠭᠤᠨ ᠤ ᠬᠣᠳᠡ ᠲᠠᠶᠠᠭᠠᠷ ᠤᠨ ᠮᠤᠩᠭᠤᠯ ᠤᠷᠠᠨ ᠪᠢᠴᠢᠯᠭᠡ ᠶ᠋ᠢᠨ ᠦᠢᠯᠡᠰ ᠤᠨ ᠬᠦᠭᠵᠢᠯᠳᠡ ᠶ᠋ᠢᠨ ᠨᠢᠭᠡᠨ ᠤᠳᠠᠭᠠᠨ ᠤ ᠪᠦᠬᠦ ᠲᠠᠯ᠎ᠠ ᠶ᠋ᠢᠨ ᠰᠢᠯᠭᠠᠨ ᠦᠵᠡᠬᠦᠯᠦᠯᠭᠡ ᠪᠣᠯᠣᠭᠰᠠᠨ ᠪᠦᠭᠡᠳ ᠮᠤᠩᠭᠤᠯ ᠤᠷᠠᠨ ᠪᠢᠴᠢᠯᠭᠡ ᠶ᠋ᠢᠨ ᠬᠦᠭᠵᠢᠯᠳᠠ ᠶ᠋ᠢᠨ ᠲᠤᠮᠳᠠᠬᠢ ᠡᠷᠳᠡᠮ ᠰᠢᠨᠵᠢᠯᠡᠭᠡᠨ ᠤ ᠰᠤᠳᠤᠯᠭᠠᠨ ‍ᠤ ᠦᠨ᠎ᠡ ᠴᠡᠨ᠎ᠡ ᠲᠠᠢ ᠦᠵᠡᠬᠦᠯᠦᠯᠭᠡ ᠪᠤᠯᠵᠤ ᠴᠢᠳᠠᠬᠰᠠᠨ ‍ᠢᠶ᠋ᠡᠷ ᠦᠯᠦ ᠪᠠᠷᠠᠮ᠂ ᠮᠦᠨᠴᠤ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ‍ᠤᠨ ᠤᠢ ᠳ᠋ᠤ ᠡᠷᠬᠦᠭᠰᠡᠨ ᠮᠠᠨ ᠤ ᠬᠤᠳᠠ ᠶ᠋ᠢᠨ ᠮᠤᠩᠭᠤᠯ ᠤᠷᠠᠨ ᠪᠢᠴᠢᠯᠭᠡᠳᠡᠨ ᠤ ᠨᠡᠶᠢᠭᠡᠮᠯᠢᠭ ᠪᠤᠯᠤᠨ ᠪᠦᠬᠦ ᠬᠡᠰᠢᠬᠦᠳ ‍ᠤᠨ ᠡᠷᠬᠢᠮ ᠨᠠᠨᠳᠢᠨ ᠪᠡᠯᠡᠭ ᠪᠤᠯᠤᠬᠰᠠᠨ ᠪᠠᠶᠢᠨ᠎ᠠ》ᠬᠡᠯ᠎ᠠ ᠃

  ᠦᠵᠡᠰᠬᠦᠯᠡᠩ ᠤᠨ ᠠᠬᠤᠢ ᠲᠠᠯᠠᠪᠠᠢ ᠳ᠋ᠤ᠂ ᠬᠤᠳᠠ ᠪᠤᠯᠤᠨ ᠡᠯ᠎ᠡ ᠬᠤᠰᠢᠭᠤ ᠰᠢᠶᠠᠨ ᠡᠴᠡ ᠬᠦᠷᠦᠯᠴᠡᠨ ᠢᠷᠡᠭᠰᠡᠨ ᠤᠷᠠᠨ ᠪᠢᠴᠢᠯᠭᠡᠳᠠᠨ ᠨᠠᠷ ᠪᠢᠷ ‍ᠤᠨ ᠴᠤᠬᠯᠠᠭᠠᠨ ᠬᠢᠵᠣ᠂ ᠦᠵᠡᠰᠬᠦᠯᠡᠩ ᠢ ᠰᠤᠨᠢᠷᠬᠠᠬᠤ ᠪᠠᠷ ᠬᠦᠷᠦᠯᠴᠡᠨ ᠢᠷᠡᠭᠰᠡᠨ ᠦᠵᠡᠭᠴᠢᠳ ᠲᠤ ᠤᠷᠠᠨ ᠪᠢᠴᠢᠯᠭᠡ ᠶ᠋ᠢᠨ ᠤᠷᠠᠯᠢᠭ ‍ᠤᠨ ᠷᠢᠳᠢ ᠰᠢᠳᠢ ᠶ᠋ᠢ ᠭᠠᠶᠢᠬᠠᠭᠣᠯᠣᠭᠰᠠᠨ ᠪᠠᠶᠢᠨ᠎ᠠ᠃

    ᠦᠵᠡᠰᠬᠦᠯᠡᠩ ᠤᠨ ᠶᠣᠰᠣᠯᠠᠯ ‍ᠢ ᠤᠯᠠᠭᠠᠨᠬᠠᠳᠠ ᠬᠤᠳᠠ ᠶ᠋ᠢᠨ ᠮᠤᠩᠭᠤᠯ ᠤᠷᠠᠨ ᠪᠢᠴᠢᠯᠭᠡᠳᠡᠳ ‍ᠤᠨ ᠨᠡᠶᠢᠭᠡᠮᠯᠢᠭ ‍ᠤᠨ ᠲᠡᠳ᠋ ᠲᠡᠷᠢᠬᠦᠯᠡᠭᠴᠢ ᠡᠷᠳᠡᠮᠳᠣ ᠡᠷᠬᠢᠯᠡᠵᠣ᠂ ᠣᠯᠠᠭᠠᠨᠬᠠᠳᠠ ᠬᠣᠳᠡ ᠶ᠋ᠢᠨ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠶ᠋ᠢᠨ ᠬᠠᠷᠢᠭᠣᠴᠠᠯᠭᠠᠳᠠᠨ ᠦᠵᠡᠬᠦᠯᠦᠯᠭᠡ ᠡᠬᠢᠯᠡᠬᠦ ᠳ᠋ᠥ ᠶᠠᠷᠢᠶ᠎ᠠ ᠲᠠᠯᠪᠢᠨ ᠪᠠᠶᠠᠷ ᠬᠦᠷᠭᠡᠵᠣ᠂ ᠪᠠᠭᠠᠷᠢᠨ ᠪᠠᠷᠠᠭᠣᠨ ᠬᠣᠰᠢᠭᠣᠨ ‍ᠤ ᠣᠯᠣᠰ ᠲᠦᠷᠦ ᠶ᠋ᠢᠨ ᠵᠦᠪᠯᠡᠯᠭᠡᠨ ‍ᠤ ᠣᠳᠣᠷᠢᠳᠣᠯᠭ᠎ᠠ ᠦᠵᠡᠬᠦᠯᠦᠯᠭᠡ ᠳ᠋ᠥ ᠰᠠᠭᠠᠳᠠᠵᠣ᠂ ᠣᠯᠠᠨ ᠲᠠᠢ ᠬᠠᠮᠳᠣ ᠣᠷᠡᠨ ᠪᠦᠳᠦᠭᠡᠯ ‍ᠢ ᠰᠣᠨᠢᠷᠬᠠᠵᠠᠢ᠃ (ᠡᠷᠬᠢᠮᠪᠢᠯᠢᠭ᠂ ᠬᠦᠬᠡᠳᠡᠪᠠᠯᠭᠠᠨ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701120878341