蒙古文网站Logo
ᠰᠢᠨᠬᠤᠸᠠ ᠮᠤᠩᠭ᠋ᠤᠯ ᠨᠧᠲ

《ᠲᠤᠯᠭ᠎ᠠ ᠶᠢᠨ ᠭᠤᠷᠪᠠᠨ ᠴᠢᠯᠠᠭᠤ》ᠤᠶᠤᠲᠠᠳ ᠤᠨ ᠤᠷᠠᠨ ᠰᠠᠢᠢᠬᠠᠨ ᠤ ᠦᠲᠡᠰᠢᠯᠡᠭᠡ ᠪᠤᠯᠵᠤ ᠦᠩᠭᠡᠷᠡᠪᠡ

2017-04-28 14:44

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 4 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠲᠡᠭᠡ (ᠬ • ᠦᠵᠡᠰᠭᠦᠯᠡᠩ)  ᠭᠤᠷᠪᠡᠳᠡᠬᠢ ᠤᠲᠠᠭ᠎ᠠ ᠪᠠᠨ ᠵᠤᠬᠢᠶᠠᠨ ᠪᠠᠢᠢᠭᠤᠯᠤᠭᠲᠠᠵᠤ ᠪᠠᠢᠢᠭ᠎ᠠ ᠦᠪᠦᠷ ᠮᠤᠩᠭ᠋ᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠬᠡ ᠰᠤᠷᠭᠠᠭᠤᠯᠢ ᠶᠢᠨ ᠤᠶᠤᠲᠠᠳ ᠤᠨ《ᠮᠦᠩᠬᠡ ᠭᠠᠯ ᠤᠨ ᠤᠴᠢ》ᠮᠤᠩᠭ᠋ᠤᠯ ᠰᠤᠶᠤᠯ ᠤᠨ ᠨᠡᠢᠢᠭᠡᠮᠯᠢᠭ᠌᠂《ᠲᠡᠭᠷᠢᠯᠢᠭ ᠡᠭᠡᠰᠢᠭ᠌》ᠢᠵᠠᠭᠤᠷ ᠤᠷᠠᠯᠢᠭ ᠤᠨ ᠨᠡᠢᠢᠭᠡᠮᠯᠢᠭ᠌᠂《ᠢᠷᠦᠭᠡᠯ》ᠪᠦᠵᠢᠭ᠌ ᠤᠨ ᠨᠡᠢᠢᠭᠡᠮᠯᠢᠭ᠌ ᠤᠨ ᠬᠠᠮᠲᠤᠷᠠᠭᠰᠠᠨ《ᠲᠤᠯᠭ᠎ᠠ ᠶᠢᠨ ᠭᠤᠷᠪᠠᠨ ᠴᠢᠯᠠᠭᠤ》ᠤᠷᠠᠨ ᠰᠠᠢᠢᠬᠠᠨ ᠤ ᠦᠲᠡᠰᠢᠯᠡᠭᠡ 4 ᠰᠠᠷ᠎ᠠ ᠶᠢᠨ 27 ᠤ ᠤᠷᠤᠢ ᠦᠪᠦᠷ ᠮᠤᠩᠭ᠋ᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠬᠡ ᠰᠤᠷᠭᠠᠭᠤᠯᠢ ᠳ᠋ᠤ ᠪᠤᠯᠵᠤ ᠦᠩᠭᠡᠷᠡᠪᠡ᠃

    ᠡᠨᠡᠬᠦ ᠤᠷᠠᠨ ᠰᠠᠢᠢᠬᠠᠨ ᠤ ᠦᠲᠡᠰᠢᠯᠡᠭᠡ ᠶᠢ ᠨᠡᠢᠢᠭᠡᠮᠯᠢᠭ᠌ ᠤᠨ ᠤᠶᠤᠲᠠᠳ ᠪᠠᠶ᠎ᠠ ᠲᠠᠭᠠᠭᠠᠨ ᠵᠤᠬᠢᠶᠠᠨ ᠪᠠᠢᠢᠭᠤᠯᠵᠤ᠂ ᠰᠤᠷᠭᠠᠭᠤᠯᠢ ᠶᠢᠨ ᠬᠦᠷᠢᠶᠠᠨ ᠤ ᠰᠤᠶᠤᠯ ᠤᠨ ᠠᠮᠢᠲᠤᠷᠠᠯ ᠳ᠋ᠤ ᠬᠦᠭ᠌ ᠨᠠᠮᠠᠷᠢᠯᠠᠨ᠂ ᠤᠶᠤᠲᠠᠨ ᠠᠮᠢᠲᠤᠷᠠᠯ ᠶᠢᠡᠨ ᠪᠠᠶᠠᠯᠢᠭᠵᠢᠭᠤᠯᠬᠤ ᠪᠡᠷ ᠬᠢᠴᠢᠶᠠᠯ ᠤᠨ ᠵᠠᠪ ᠴᠢᠯᠦᠭᠡᠨ ᠤ ᠴᠠᠭ ᠶᠢᠡᠨ ᠠᠰᠢᠭᠯᠠᠨ ᠪᠡᠯᠡᠳᠭᠡᠭ᠍ᠰᠡᠨ ᠴᠡᠩᠭᠡᠬᠦᠨᠲᠦ ᠵᠦᠴᠦᠭᠡ《ᠤᠶᠤᠲᠠᠨ ᠴᠡᠷᠢᠭ》᠂ ᠮᠤᠷᠢᠨ ᠬᠤᠭᠤᠷ ᠤᠨ ᠨᠠᠢᠢᠷᠠᠯ ᠬᠦᠭ᠍ᠵᠢᠮ《ᠰᠠᠯᠬᠢᠲᠤ ᠰᠦᠯᠲᠡ》᠂ ᠴᠦᠷᠬᠦᠯᠡᠭᠡ ᠲᠠᠭᠤᠤ《ᠵᠠᠯᠠᠭᠤᠰ ᠤᠨ ᠠᠭᠤᠯᠵᠠᠯᠲᠠ》 ᠵᠡᠷᠭᠡ ᠤᠷᠠᠨ ᠪᠦᠲᠦᠭᠡᠯ ᠶᠢᠡᠨ ᠪᠠᠭᠰᠢ ᠤᠶᠤᠲᠠᠳ ᠲᠠᠭᠠᠨ ᠰᠤᠨᠢᠷᠬᠠᠭᠤᠯᠪᠠ᠃ ᠦᠪᠦᠷ ᠮᠤᠩᠭ᠋ᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠬᠡ ᠰᠤᠷᠭᠠᠭᠤᠯᠢ ᠶᠢᠨ 《ᠮᠦᠩᠬᠡ ᠭᠠᠯ ᠤᠨ ᠤᠴᠢ》ᠮᠤᠩᠭ᠋ᠤᠯ ᠰᠤᠶᠤᠯ ᠤᠨ ᠨᠡᠢᠢᠭᠡᠮᠯᠢᠭ᠌᠂《ᠲᠡᠭᠷᠢᠯᠢᠭ ᠡᠭᠡᠰᠢᠭ᠌》ᠢᠵᠠᠭᠤᠷ ᠤᠷᠠᠯᠢᠭ ᠤᠨ ᠨᠡᠢᠢᠭᠡᠮᠯᠢᠭ᠌᠂《ᠢᠷᠦᠭᠡᠯ》ᠪᠦᠵᠢᠭ᠌ ᠤᠨ ᠨᠡᠢᠢᠭᠡᠮᠯᠢᠭ᠌ ᠡᠷᠬᠢᠯᠡᠭᠰᠡᠨ ᠴᠠᠭ ᠡᠴᠡ ᠪᠠᠨ ᠡᠬᠢᠯᠡᠨ ᠤᠯᠠᠨ ᠰᠠᠢᠢᠬᠠᠨ ᠠᠵᠢᠯᠯᠠᠭ᠎ᠠ ᠨᠤᠭᠤᠳ ᠢ ᠵᠤᠬᠢᠶᠠᠨ ᠪᠠᠢᠢᠭᠤᠯᠵᠤ ᠪᠠᠭᠰᠢ ᠤᠶᠤᠲᠠᠳ ᠤᠨ ᠬᠦᠷᠢᠶᠡᠯᠡᠯ ᠢ ᠤᠯᠤᠭᠰᠠᠭᠠᠷ ᠢᠷᠡᠵᠡᠢ᠃ 《ᠮᠦᠩᠬᠡ ᠭᠠᠯ ᠤᠨ ᠤᠴᠢ》ᠮᠤᠩᠭ᠋ᠤᠯ ᠰᠤᠶᠤᠯ ᠤᠨ ᠨᠡᠢᠢᠭᠡᠮᠯᠢᠭ᠌ ᠮᠤᠩᠭ᠋ᠤᠯ ᠲᠡᠦᠬᠡ ᠰᠤᠶᠤᠯ ᠤᠨ ᠶᠡᠷᠦ ᠶᠢᠨ ᠮᠡᠲᠡᠯᠭᠡ ᠶᠢᠨ ᠤᠷᠤᠯᠲᠤᠭᠠᠨ ᠵᠤᠬᠢᠶᠠᠨ ᠪᠠᠢᠢᠭᠤᠯᠬᠤ᠂ ᠰᠤᠷᠭᠠᠭᠤᠯᠢ ᠶᠢᠨ ᠬᠦᠷᠢᠶᠠᠨ ᠤ ᠨᠠᠢᠢᠷ ᠨᠠᠭᠠᠲᠤᠮ ᠡᠷᠬᠢᠯᠡᠬᠦ; 《ᠲᠡᠭᠷᠢᠯᠢᠭ ᠡᠭᠡᠰᠢᠭ᠌》ᠢᠵᠠᠭᠤᠷ ᠤᠷᠠᠯᠢᠭ ᠤᠨ ᠨᠡᠢᠢᠭᠡᠮᠯᠢᠭ᠌ ᠨᠢ ᠮᠤᠷᠢᠨ ᠬᠤᠭᠤᠷ ᠤᠨ ᠲᠤᠰᠬᠠᠢ ᠲᠤᠬᠯᠠᠯᠲᠠ ᠭᠠᠷᠭᠠᠬᠤ᠂ ᠮᠤᠷᠢᠨ ᠬᠤᠭᠤᠷ ᠲᠤ ᠲᠤᠷ᠎ᠠ ᠪᠠᠬᠠᠲᠠᠢ ᠬᠦᠮᠦᠰ ᠲᠤ ᠲᠦᠯᠦᠪᠦᠷᠢ ᠦᠭᠡᠢ ᠰᠤᠷᠭᠠᠯᠲᠠ ᠬᠠᠩᠭ᠋ᠠᠬᠤ ᠵᠡᠷᠭᠡ ᠦᠢᠯᠡᠴᠢᠯᠡᠭᠡ ᠬᠢᠳᠡᠭ ;《ᠢᠷᠦᠭᠡᠯ》ᠪᠦᠵᠢᠭ᠌ ᠤᠨ ᠨᠡᠢᠢᠭᠡᠮᠯᠢᠭ᠌ ᠨᠢ ᠪᠦᠵᠢᠭ᠌ ᠤᠨ ᠠᠪᠢᠶᠠᠰᠲᠠᠨ ᠤᠶᠤᠲᠠᠳ ᠶᠢᠡᠷ ᠪᠦᠷᠢᠯᠲᠦᠭᠰᠡᠨ ᠪᠤᠯᠬᠤᠷ ᠰᠤᠷᠭᠠᠭᠤᠯᠢ ᠶᠢᠨ ᠬᠦᠷᠢᠶᠠᠨ ᠤ ᠤᠯᠠᠨ ᠰᠠᠢᠢᠬᠠᠨ ᠤᠷᠠᠨ ᠰᠠᠢᠢᠬᠠᠨ ᠤ ᠦᠲᠡᠰᠢᠯᠡᠭᠡ ᠳ᠋ᠤ ᠤᠷᠢᠭᠲᠠᠨ ᠤᠷᠤᠯᠴᠠᠵᠤ ᠤᠯᠠᠨ ᠶᠢᠡᠨ ᠪᠠᠶᠠᠰᠬᠠᠵᠤ ᠪᠠᠢᠢᠲᠠᠭ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120891272