蒙古文网站Logo
ᠰᠢᠨᠬᠤᠸᠠ ᠮᠤᠩᠭ᠋ᠤᠯ ᠨᠧᠲ

ᠤᠯᠠᠭᠠᠭᠴᠢᠨ ᠲᠠᠬᠢᠶ᠎ᠠ ᠵᠢᠯ ᠤᠨ ᠴᠢᠩᠬᠢᠰ ᠬᠠᠭᠠᠨ ᠤ ᠬᠠᠷ᠎ᠠ ᠰᠦᠯᠲᠠ ᠶᠢᠨ ᠵᠤᠰᠠᠯᠠᠩ ᠤᠨ ᠲᠠᠢᠢᠯᠭ᠎ᠠ ᠶᠠᠪᠤᠭᠲᠠᠪᠠ

2017-04-28 18:20

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 4 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠲᠡᠭᠡ (ᠬ • ᠦᠵᠡᠰᠭᠦᠯᠡᠩ᠂ ᠲᠠᠯᠠᠨᠪᠠᠶᠠᠷ )  4 ᠰᠠᠷ᠎ᠠ ᠶᠢᠨ 28 ᠤ ᠡᠲᠦᠷ᠂ ᠤᠯᠠᠭᠠᠭᠴᠢᠨ ᠲᠠᠬᠢᠶ᠎ᠠ ᠵᠢᠯ ᠤᠨ ᠴᠢᠩᠬᠢᠰ ᠬᠠᠭᠠᠨ ᠤ ᠬᠠᠷᠠᠭ᠎ᠠ ᠶᠡᠬᠡ ᠬᠠᠷ᠎ᠠ ᠰᠦᠯᠲᠡ ᠶᠢᠨ ᠲᠠᠢᠢᠯᠭ᠎ᠠ ᠶᠢ ᠴᠢᠩᠬᠢᠰ ᠬᠠᠭᠠᠨ ᠤ ᠤᠩᠭ᠋ᠤᠨ ᠤ ᠬᠠᠷ᠎ᠠ ᠰᠦᠯᠲᠡ ᠶᠢᠨ ᠵᠢᠭᠢ ᠳ᠋ᠤ ᠦᠪᠡᠲᠡᠭᠰᠢ ᠶᠡᠬᠡ ᠪᠡᠷ ᠬᠢᠪᠡ᠃

    ᠴᠢᠩᠬᠢᠰ ᠬᠠᠭᠠᠨ ᠤ ᠬᠠᠷ᠎ᠠ ᠰᠦᠯᠲᠡ ᠨᠢᠭᠡ ᠭᠤᠤᠯ ᠰᠦᠯᠲᠡ ᠪᠠ ᠲᠦᠷᠪᠡᠨ ᠡᠯᠴᠢ ᠰᠦᠯᠲᠡ ᠪᠡᠷ ᠪᠦᠷᠢᠯᠲᠦᠭᠰᠡᠨ ᠪᠠᠢᠢᠲᠠᠭ᠃ ᠡᠢᠢᠮᠦ ᠡᠴᠡ 《ᠲᠦᠷᠪᠡᠨ ᠬᠦᠯᠲᠦ ᠬᠠᠷ᠎ᠠ ᠰᠦᠯᠲᠡ》ᠭᠡᠲᠡᠭ᠃ ᠲᠡᠭᠦᠨᠴᠢᠯᠡᠨ《ᠮᠢᠩᠭ᠋ᠠᠨ ᠪᠠᠷ᠎ᠠ ᠶᠢᠨ ᠭᠠᠵᠠᠷ ᠡᠴᠡ ᠮᠠᠭᠤ ᠰᠠᠨᠠᠭᠠᠲᠤ ᠲᠠᠢᠢᠰᠤᠨ ᠦᠵᠡᠮᠡᠭᠴᠡ ᠮᠠᠭᠤᠵᠢᠷᠠᠨ ᠲᠤᠷᠤᠢᠢᠲᠠᠨ ᠤᠨᠠᠲᠠᠭ ᠮᠠᠰᠢ ᠲᠤᠭᠰᠢᠨ ᠬᠠᠷ᠎ᠠ ᠰᠦᠯᠲᠡ》ᠬᠡᠮᠡᠭᠰᠡᠨ ᠤᠳᠬ᠎ᠠ ᠪᠡᠷ ᠪᠠᠰᠠ《ᠬᠠᠷᠠᠭ᠎ᠠ ᠶᠡᠬᠡᠲᠦ ᠬᠠᠷ᠎ᠠ ᠰᠦᠯᠲᠡ》ᠭᠡᠲᠡᠭ᠃

    ᠴᠢᠩᠬᠢᠰ ᠬᠠᠭᠠᠨ ᠤ ᠬᠠᠷ᠎ᠠ ᠰᠦᠯᠲᠡ ᠶᠢᠨ ᠲᠠᠢᠢᠯᠭ᠎ᠠ ᠳ᠋ᠤ ᠰᠦᠰᠦᠭ ᠤᠨ ᠲᠠᠢᠢᠯᠭ᠎ᠠ᠂ ᠲᠦᠷᠪᠡᠨ ᠤᠯᠠᠷᠢᠯ ᠤᠨ ᠲᠠᠢᠢᠯᠭ᠎ᠠ᠂ ᠵᠢᠯ ᠤᠨ ᠶᠡᠬᠡ ᠲᠠᠢᠢᠯᠭ᠎ᠠ᠂ ᠯᠤᠤ ᠵᠢᠯ ᠤᠨ ᠲᠤᠭᠰᠢᠭᠤᠯᠬᠤ ᠲᠠᠢᠢᠯᠭ᠎ᠠ᠂ ᠤᠨᠴᠠᠭᠠᠢ ᠲᠤᠰᠬᠠᠢ ᠲᠠᠢᠢᠯᠭ᠎ᠠ ᠵᠡᠷᠭᠡ ᠪᠠᠢᠢᠲᠠᠭ᠃ ᠵᠤᠰᠠᠯᠠᠩ ᠤᠨ ᠲᠠᠢᠢᠯᠭ᠎ᠠ ᠪᠤᠯ ᠬᠠᠷ᠎ᠠ ᠰᠦᠯᠲᠡ ᠶᠢᠨ ᠲᠦᠷᠪᠡᠨ ᠤᠯᠠᠷᠢᠯ ᠤᠨ ᠲᠠᠢᠢᠯᠭ᠎ᠠ ᠳ᠋ᠡᠬᠢ ᠵᠤᠨ ᠤ ᠤᠯᠠᠷᠢᠯ ᠤᠨ ᠲᠠᠢᠢᠯᠭ᠎ᠠ ᠪᠠᠢᠢᠵᠤ᠂ ᠵᠢᠯ ᠪᠦᠷᠢ ᠶᠢᠨ ᠵᠤᠨ ᠤ ᠡᠬᠢᠨ ᠰᠠᠷ᠎ᠠ ᠶᠢᠨ ᠰᠢᠨ᠎ᠡ ᠶᠢᠨ ᠭᠤᠷᠪᠠᠨ ᠳ᠋ᠤ ᠶᠠᠪᠤᠭᠲᠠᠲᠠᠭ᠃ ᠲᠠᠢᠢᠯᠭ᠎ᠠ ᠶᠢᠨ ᠦᠶ᠎ᠠ ᠪᠡᠷ ᠴᠢᠩᠬᠢᠰ ᠬᠠᠭᠠᠨ ᠤ ᠤᠩᠭ᠋ᠤᠨ ᠤ ᠵᠢᠭᠤᠯᠴᠢᠯᠠᠯ ᠤᠨ ᠬᠠᠮᠢᠶᠠᠷᠤᠯᠲᠠ ᠶᠢᠨ ᠵᠦᠪᠯᠡᠯ ᠤᠨ ᠬᠠᠮᠢᠶᠠᠲᠠᠢ ᠬᠦᠮᠦᠰ ᠪᠠ ᠬᠠᠪᠢ ᠲᠦᠰᠦᠷ ᠤᠨ ᠰᠦᠰᠦᠭᠲᠡᠨ ᠮᠦᠷᠬᠦᠯᠴᠢᠳ ᠤᠷᠤᠯᠴᠠᠪᠠ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120892710