蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠵᠤᠷᠢᠭᠤᠯᠤᠭᠰᠠᠨ ᠮᠣᠩᠭᠣᠯ ᠡᠯᠸᠮᠸᠨ᠋ᠲ ᠲᠠᠢ ᠳᠤᠷᠠᠰᠬᠠᠯ ᠤᠨ ᠵᠤᠭᠤᠰ  ᠲᠠᠷᠬᠠᠭᠠᠯ᠎ᠠ

2017-04-28 21:54

    ᠳᠤᠮᠳᠠᠳᠤ ᠤᠯᠤᠰ ᠤᠨ ᠠᠷᠠᠳ ᠤᠨ ᠪᠠᠩᠭᠢ 4 ᠰᠠᠷ᠎ᠠ ᠶᠢᠨ 28 ᠤ ᠡᠳᠦᠷ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠵᠤᠷᠢᠭᠤᠯᠤᠭᠰᠠᠨ ᠨᠢᠭᠡ ᠢᠵᠢ ᠠᠯᠲᠠ ᠮᠦᠩᠭᠦᠨ ᠳᠤᠷᠠᠰᠬᠠᠯ ᠤᠨ ᠵᠤᠭᠤᠰ ᠲᠠᠷᠬᠠᠭᠠᠯ᠎ᠠ᠃ ᠲᠤᠰ ᠢᠵᠢ ᠳᠤᠷᠠᠰᠬᠠᠯ ᠤᠨ ᠵᠤᠭᠤᠰ ᠨᠡᠶᠢᠲᠡ ᠭᠤᠷᠪᠠᠨ ᠰᠢᠷᠬᠡᠭ᠌᠂ ᠡᠭᠦᠨ ᠳᠤ 8 ᠭᠷᠠᠮ ᠤᠨ ᠵᠠᠭᠤᠲᠤ ᠶᠢᠨ ᠠᠯᠲᠠᠨ ᠵᠤᠭᠤᠰ᠂ 150 ᠭᠷᠡᠮ ᠤᠨ ᠲᠠᠪᠢᠲᠤ ᠶᠢᠨ ᠮᠦᠩᠭᠦᠨ ᠵᠤᠭᠤᠰ᠂ 30 ᠭᠷᠠᠮ ᠤᠨ ᠠᠷᠪᠠᠲᠤ ᠶᠢᠨ ᠮᠦᠩᠭᠦᠨ ᠵᠤᠭᠤᠰ ᠲᠤᠰ ᠪᠦᠷᠢ ᠨᠢᠭᠡ ᠪᠤᠢ᠃ 8 ᠭᠷᠠᠮ ᠤᠨ ᠠᠯᠲᠠᠨ ᠵᠤᠭᠤᠰᠤᠨ ᠤ ᠨᠢᠭᠤᠷᠤᠨ ᠲᠠᠯ᠎ᠠ ᠳᠤ ᠨᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠦᠷᠦ ᠶᠢᠨ ᠰᠦᠯᠲᠡ ᠪᠤᠯᠤᠨ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠭᠡᠰᠡᠨ ᠦᠰᠦᠭ ᠲᠠᠢ᠂ 2017 ᠭᠡᠰᠡᠨ ᠲᠤᠭ᠎ᠠ ᠲᠠᠢ᠂ ᠠᠷᠤ ᠲᠠᠯ᠎ᠠ ᠳᠤ ᠨᠢ ᠮᠣᠩᠭᠣᠯ ᠮᠤᠷᠢᠨ ᠤ ᠵᠢᠷᠤᠭ ᠲᠠᠢ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠭᠡᠰᠡᠨ ᠬᠢᠲᠡᠳ ᠮᠣᠩᠭᠣᠯ ᠦᠰᠦᠭ ᠲᠠᠢ᠃ 150 ᠭᠷᠠᠮ ᠂ 30 ᠭᠷᠡᠮ ᠤᠨ ᠮᠦᠩᠭᠦᠨ ᠵᠤᠭᠤᠰᠤᠨ ᠤ ᠨᠢᠭᠤᠷᠤᠨ ᠲᠠᠯ᠎ᠠ ᠨᠢ ᠠᠯᠲᠠᠨ ᠵᠤᠭᠤᠰᠤᠨ ᠤ ᠬᠢ ᠲᠠᠢ ᠠᠳᠠᠯᠢ᠂ ᠠᠷᠤ ᠲᠠᠯ᠎ᠠ ᠳᠤ ᠨᠢ ᠲᠤᠰ ᠪᠦᠷᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠭᠡᠰᠡᠨ ᠬᠢᠲᠡᠳ ᠮᠣᠩᠭᠣᠯ ᠦᠰᠦᠭ ᠲᠠᠢ ᠡᠴᠡ ᠭᠠᠳᠠᠨ᠎ᠠ ᠮᠣᠩᠭᠣᠯ ᠦᠨᠳᠦᠰᠦᠲᠡᠨ ᠤ ᠤᠨᠴᠠᠯᠢᠭ ᠪᠦᠬᠦᠢ ᠵᠢᠷᠤᠭ ᠲᠠᠢ᠃ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠠᠤᠯᠢ ᠪᠡᠷ ᠲᠤᠭᠳᠠᠭᠠᠭᠰᠠᠨ ᠡᠨᠡᠬᠦ ᠵᠤᠭᠤᠰ ᠢ ᠲᠦᠮᠡᠨ ᠢᠵᠢ ᠲᠠᠷᠬᠠᠭᠠᠨ᠎ᠠ᠃

ᠢᠷᠡᠯᠳᠡ᠄ ᠬᠡᠶᠢᠮᠦᠷᠢ ᠬᠤᠷᠤᠶᠢᠯᠠᠭᠰᠠᠨ ᠦᠪᠦᠷ ᠮᠣᠩᠭᠣᠯ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691120893338