蒙古文网站Logo
ᠰᠢᠨᠬᠤᠸᠠ ᠮᠤᠩᠭ᠋ᠤᠯ ᠨᠧᠲ

ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ

2017-05-09 11:11

    ᠰᠢᠨᠬᠤᠧᠠ ᠮᠤᠩᠭ᠋ᠤᠯ ᠨᠧᠲ  ᠤᠷᠳᠤᠰ ᠤᠨ 5 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ)  5 ᠰᠠᠷ᠎ᠠ ᠶᠢᠨ 8 ᠤ ᠡᠳᠦᠷ ᠪᠤᠶᠤ ᠪᠢᠯᠢᠭ᠌ ᠤᠨ ᠳᠤᠭᠠᠯᠠᠯ ᠤᠨ 4 ᠰᠠᠷ᠎ᠠ ᠶᠢᠨ 13 ᠤ ᠡᠳᠦᠷ᠂ ᠤᠷᠳᠤᠰ ᠬᠤᠳᠠ ᠶᠢᠨ ᠬᠤᠶᠡᠳᠡᠬᠢ ᠤᠳᠠᠭᠠᠨ ᠤ 《ᠪᠢᠯᠢᠭ᠌ ᠤᠨ ᠰᠠᠩ ᠨᠤᠮ ᠲᠠᠢ ᠮᠤᠩᠭ᠋ᠤᠯ》 ᠴᠤᠪᠤᠷᠠᠯ ᠠᠵᠢᠯᠯᠠᠭ᠎ᠠ ᠤᠷᠳᠤᠰ ᠬᠤᠳᠠ ᠶᠢᠨ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠳᠤ ᠪᠤᠯᠵᠤ ᠦᠩᠬᠡᠷᠡᠯ᠎ᠡ᠃

    ᠦᠢᠯᠡ ᠠᠵᠢᠯᠯᠠᠭᠠᠨ ᠤ ᠡᠬᠢᠨ ᠤ ᠠᠯᠬᠤᠮ ᠳᠤ ᠨᠤᠳᠤᠭ ᠤᠨ ᠮᠠᠯᠴᠢᠳ ᠪᠤᠯᠤᠨ ᠬᠤᠯᠠ ᠤᠶᠢᠷ᠎ᠠ ᠡᠴᠡ ᠬᠦᠷᠦᠯᠴᠡᠨ ᠢᠷᠡᠭᠰᠡᠨ ᠡᠷᠳᠡᠮᠳᠡᠨ ᠮᠡᠷᠬᠡᠳ᠂ ᠵᠢᠭᠤᠯᠴᠢᠨ ᠤᠯᠠᠨ ᠳᠤᠰ ᠭᠠᠴᠠᠭᠠᠨ ᠤ ᠮᠠᠯᠴᠢᠨ ᠠᠯᠳᠠᠨᠪᠢᠯᠢᠭ᠌ ᠤᠨ《ᠪᠢᠯᠢᠭ᠌ ᠤᠨ ᠰᠠᠩ》ᠬᠡᠮᠡᠬᠦ ᠨᠤᠮ ᠤᠨ ᠰᠠᠩ ᠤᠨ ᠢᠶᠡᠨ ᠨᠡᠷ᠎ᠡ ᠪᠡᠷ᠂ ᠮᠦᠨ ᠳᠤᠰ ᠨᠤᠮ ᠤᠨ ᠰᠠᠩ ᠳᠤ ᠪᠡᠨ ᠬᠠᠳᠠᠭᠠᠯᠠᠵᠤ ᠪᠦᠬᠦᠢ ᠨᠤᠮ ᠤᠨ ᠢᠶᠡᠨ ᠨᠡᠷ᠎ᠡ ᠶᠢ ᠰᠡᠶᠢᠯᠦᠭᠰᠡᠨ ᠴᠢᠯᠠᠭᠤ ᠵᠢ ᠤᠪᠤᠭᠠᠯᠠᠵᠤ ᠪᠤᠰᠬᠠᠭᠰᠠᠨ ᠨᠤᠮ ᠤᠨ ᠤᠪᠤᠭ᠎ᠠ ᠪᠡᠨ ᠰᠢᠳᠦᠨ ᠳᠠᠬᠢᠪᠠ᠃ ᠳᠠᠷᠠᠭ᠎ᠠ ᠪᠡᠷ ᠨᠢ᠂ ᠦᠪᠯᠡᠨ ᠬᠠᠳᠠᠭᠠᠯᠠᠵᠤ ᠢᠷᠡᠭᠰᠡᠨ ᠳᠡᠤᠬᠡᠨ ᠨᠤᠮ᠂ ᠰᠤᠳᠤᠷ ᠪᠢᠴᠢᠭ᠌ ᠢᠶᠡᠨ ᠤᠷᠳᠤᠰ ᠨᠤᠳᠤᠭ ᠤᠨ ᠵᠠᠩᠰᠢᠯ ᠶᠤᠰᠤᠭᠠᠷ ᠳᠡᠬᠡᠳᠦᠯᠡᠨ ᠳᠠᠬᠢᠵᠠᠢ᠃

    ᠳᠠᠬᠢᠯᠭ᠎ᠠ ᠶᠢᠨ ᠦᠢᠯᠡ ᠳᠠᠭᠤᠰᠤᠭᠰᠠᠨ ᠤ ᠳᠠᠷᠠᠭ᠎ᠠ᠂ ᠡᠨᠡᠬᠦ ᠴᠤᠪᠤᠷᠠᠯ ᠠᠵᠢᠯᠯᠠᠭᠠᠨ ᠤ ᠨᠢᠬᠡ ᠪᠤᠯᠬᠤ ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠭᠤᠷᠪᠠᠳᠠᠬᠢ ᠤᠳᠠᠭ᠎ᠠ ᠶᠢᠨ《ᠪᠠᠬᠠᠳᠠᠢ ᠤᠩᠰᠢᠯᠭ᠎ᠠ ᠠᠮᠢᠳᠤᠷᠠᠯ ᠳᠤ ᠨᠦᠯᠦᠬᠡᠯᠡᠨ᠎ᠡ》ᠰᠡᠳᠦᠪ ᠡᠬᠡ ᠪᠢᠴᠢᠭ᠌ ᠡᠯᠰᠡᠬᠦ ᠠᠵᠢᠯᠯᠠᠭᠠᠨ ᠤ ᠱᠠᠩᠨᠠᠯ ᠤᠯᠭᠤᠬᠤ ᠶᠤᠰᠤᠯᠠᠯ ᠶᠠᠪᠤᠭᠳᠠᠪᠠ᠃ ᠡᠨᠡᠬᠦ ᠠᠵᠢᠯᠯᠠᠭ᠎ᠠ ᠨᠢ ᠵᠢᠯ ᠪᠦᠷᠢ ᠤᠷᠳᠤᠰ ᠬᠤᠳᠠ ᠶᠢᠨ ᠬᠡᠪᠴᠢᠶᠡᠨ ᠤ ᠮᠣᠩᠭᠣᠯ ᠳᠤᠮᠳᠠᠳᠤ᠂ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠳᠤᠮᠳᠠ ᠵᠤᠬᠢᠶᠠᠨ ᠪᠠᠶᠢᠭᠤᠯᠤᠭᠳᠠᠳᠠᠭ᠃ ᠡᠬᠢᠨ ᠤ ᠡᠬᠡᠯᠵᠢ ᠳᠤ ᠡᠨᠡᠬᠦ ᠠᠵᠢᠯᠯᠠᠭ᠎ᠠ ᠶᠢ ᠭᠠᠭᠴᠠ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠳᠤᠮᠳᠠ ᠵᠤᠬᠢᠶᠠᠨ ᠪᠠᠶᠢᠭᠤᠯᠵᠤ ᠪᠠᠶᠢᠭᠰᠠᠨ ᠪᠤᠯ᠂ ᠡᠨᠡ ᠵᠢᠯ ᠤᠷᠳᠤᠰ ᠬᠤᠳᠠ ᠶᠢᠨ ᠮᠤᠩᠭ᠋ᠤᠯ ᠪᠠᠭ᠎ᠠ ᠰᠤᠷᠭᠠᠭᠤᠯᠢ ᠨᠤᠭᠤᠳ ᠤᠨ ᠳᠠᠪᠤᠳᠤᠭᠠᠷ ᠤᠨ ᠤ ᠰᠤᠷᠤᠭᠴᠢᠳ ᠤᠨ ᠳᠤᠮᠳᠠ ᠵᠤᠬᠢᠶᠠᠨ ᠪᠠᠶᠢᠭᠤᠯᠬᠤ ᠪᠡᠷ ᠳᠤᠭᠳᠠᠵᠤ᠂ 4 ᠰᠠᠷ᠎ᠠ ᠡᠴᠡ ᠡᠬᠢᠯᠡᠨ ᠡᠬᠡ ᠪᠢᠴᠢᠭ᠌ ᠡᠯᠰᠡᠵᠠᠢ᠃ ᠰᠢᠯᠭᠠᠷᠠᠭᠤᠯᠤᠯᠳᠠ ᠶᠢᠨ ᠳ᠋ᠦᠩ ᠳᠤ᠂ ᠨᠢᠬᠡᠳᠦᠬᠡᠷ ᠪᠠᠶᠢᠷᠢᠨ ᠳᠤ ᠦᠤᠰᠢᠨ ᠬᠤᠰᠢᠭᠤᠨ ᠤ ᠮᠤᠩᠭ᠋ᠤᠯ ᠦᠨᠳᠦᠰᠦᠳᠡᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠱᠤᠭᠠᠷ᠎ᠠ᠂ ᠬᠤᠶᠠᠳᠤᠭᠠᠷ ᠪᠠᠶᠢᠷᠢᠨ ᠳᠤ ᠤᠳᠤᠭ ᠬᠤᠰᠢᠭᠤᠨ ᠤ ᠮᠤᠩᠭ᠋ᠤᠯ ᠦᠨᠳᠦᠰᠦᠳᠡᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠠᠨᠴᠢᠷ ᠵᠡᠷᠬᠡ 3 ᠨᠦᠬᠦᠳ᠂ ᠭᠤᠷᠪᠠᠳᠤᠭᠠᠷ ᠪᠠᠶᠢᠷᠢᠨ ᠳᠤ ᠤᠳᠤᠭ ᠤᠨ ᠡᠮᠦᠨᠡᠳᠦ ᠬᠤᠰᠢᠭᠤᠨ ᠤ ᠮᠤᠩᠭ᠋ᠤᠯ ᠦᠨᠳᠦᠰᠦᠳᠡᠨ ᠤ ᠬᠦᠰᠡᠯᠡᠩᠳᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠵᠢ‍·ᠪᠠᠶᠠᠨᠨᠠᠮᠤᠷ ᠵᠡᠷᠬᠡ 9 ᠨᠦᠬᠦᠳ ᠰᠢᠯᠭᠠᠷᠠᠵᠠᠢ᠃ ᠡᠬᠦᠨ ᠡᠴᠡ ᠭᠠᠳᠠᠨ᠎ᠠ᠂ ᠵᠦᠪ ᠪᠢᠴᠢᠯᠬᠡ ᠶᠢᠨ ᠱᠠᠩᠨᠠᠯ ᠪᠤᠯᠤᠨ ᠴᠡᠪᠡᠷ ᠪᠢᠴᠢᠯᠭᠡ ᠵᠢᠨ ᠱᠠᠩᠨᠠᠯ ᠳᠤ ᠳᠤᠰ ᠳᠤᠰ 2 ᠰᠤᠷᠤᠭᠴᠢ ᠶᠢ ᠰᠢᠯᠭᠠᠷᠠᠭᠤᠯᠤᠨ ᠱᠠᠩᠨᠠᠵᠤ᠂ ᠪᠠᠰᠠ ᠬᠠᠮᠤᠭ ᠤᠨ ᠰᠢᠯᠢᠳᠡᠭ ᠪᠠᠭ ᠤᠨ ᠱᠠᠩᠨᠠᠯ ᠪᠤᠯᠤᠨ ᠬᠠᠮᠤᠭ ᠤᠨ ᠰᠢᠯᠢᠳᠡᠭ ᠵᠤᠬᠢᠶᠠᠨ ᠪᠠᠶᠢᠭᠤᠯᠤᠯᠳᠠ ᠶᠢᠨ ᠱᠠᠩᠨᠠᠯ ᠳᠤ ᠳᠤᠰ ᠳᠤᠰ ᠨᠢᠬᠡ ᠪᠠᠶᠢᠷᠢ ᠵᠢ ᠳᠤᠳᠤᠷᠠᠭᠤᠯᠵᠤ ᠱᠠᠩᠨᠠᠭᠰᠠᠨ ᠪᠠᠶᠢᠨ᠎ᠠ᠃

    ᠡᠨᠡᠬᠦ ᠠᠵᠢᠯᠯᠠᠭ᠎ᠠ ᠪᠡᠷ ᠪᠠᠰᠠ ᠦᠤᠰᠢᠨ ᠬᠤᠰᠢᠭᠤᠨ ᠤ ᠨᠠᠰᠤᠳᠠᠶᠢᠴᠤᠳ ᠤᠨ ᠤᠷᠠᠯᠢᠭ ᠤᠨ ᠪᠦᠯᠬᠦᠮ ᠤᠨ ᠤᠷᠠᠨ ᠰᠠᠶᠢᠬᠠᠨ ᠤ ᠳᠤᠭᠯᠠᠯᠳᠠ᠂ ᠦᠤᠰᠢᠨ ᠬᠤᠰᠢᠭᠤᠨ ᠤ ᠨᠤᠮ ᠤᠨ ᠰᠠᠩ ᠤᠨ ᠨᠤᠮ ᠪᠢᠴᠢᠭ᠌ ᠢ ᠬᠦᠳᠡᠬᠡ ᠬᠦᠷᠭᠡᠬᠦ ᠠᠵᠢᠯᠯᠠᠭ᠎ᠠ᠂ ᠦᠤᠰᠢᠨ ᠬᠡᠯᠡ ᠰᠤᠶᠤᠯ ᠤᠨ ᠳᠤᠬᠠᠢ ᠨᠡᠶᠢᠬᠡᠮ ᠤᠨ ᠬᠦᠮᠦᠰ ᠤᠨ ᠪᠠᠭ᠎ᠠ ᠬᠤᠷᠠᠯ᠂ ᠤᠷᠳᠤᠰ ᠬᠤᠳᠠ ᠶᠢᠨ ᠮᠤᠩᠭ᠋ᠤᠯ ᠪᠠᠭ᠎ᠠ ᠰᠤᠷᠭᠠᠭᠤᠯᠢ ᠨᠤᠭᠤᠳ ᠤᠨ ᠰᠤᠷᠤᠭᠴᠢᠳ ᠤᠨ《ᠮᠤᠩᠭ᠋ᠤᠯ ᠬᠡᠯᠡ》 ᠤᠷᠠᠨ ᠤᠩᠰᠢᠯᠭ᠎ᠠ ᠶᠢᠨ ᠤᠷᠤᠯᠳᠤᠭᠠᠨ ᠵᠤᠬᠢᠶᠠᠨ ᠪᠠᠶᠢᠭᠤᠯᠤᠭᠳᠠᠭᠰᠠᠨ ᠤ ᠵᠡᠷᠬᠡᠴᠡᠬᠡ ᠵᠢᠷᠤᠭ᠎ᠠ ᠮᠤᠷᠢᠨ ᠤ ᠤᠷᠤᠯᠳᠤᠭᠠᠨ᠂ ᠪᠦᠬᠡ ᠶᠢᠨ ᠪᠠᠷᠢᠯᠳᠤᠭᠠᠨ᠂ ᠰᠤᠷ ᠬᠠᠷᠪᠤᠯᠳᠠ ᠵᠡᠷᠬᠡ ᠪᠡᠰᠡᠷᠡᠭ᠍ᠬᠡᠨ ᠬᠡᠮᠵᠢᠶᠡᠨ ᠤ ᠤᠯᠠᠮᠵᠢᠯᠠᠯᠳᠤ ᠪᠠᠶᠠᠷ ᠨᠠᠭᠠᠳᠤᠮ ᠪᠤᠯᠵᠤ ᠦᠩᠬᠡᠷᠡᠵᠡᠢ᠃

ᠶᠤᠰᠤᠯᠠᠯ ᠤᠨ ᠠᠵᠢᠯᠯᠠᠭ᠎ᠠ ᠡᠬᠢᠯᠡᠪᠡ

ᠨᠤᠮ ᠤᠨ ᠤᠪᠤᠭᠠᠨ ᠳᠤ ᠪᠡᠨ ᠴᠢᠯᠠᠭᠤ ᠨᠡᠮᠡᠨ᠎ᠡ

ᠨᠤᠮ ᠤᠨ ᠤᠪᠤᠭ᠎ᠠ ᠪᠡᠨ ᠳᠠᠬᠢᠨ᠎ᠠ

ᠨᠤᠮ ᠤᠨ ᠤᠪᠤᠭᠠᠨ ᠳᠤ ᠪᠡᠨ ᠰᠦᠨ ᠰᠠᠴᠤᠯᠢ ᠡᠷᠬᠦᠨ᠎ᠡ

ᠨᠤᠮ ᠤᠨ ᠳᠠᠬᠢᠯᠭ᠎ᠠ

ᠦᠢᠯᠡ ᠠᠵᠢᠯᠯᠠᠭᠠᠨ ᠤ ᠨᠡᠬᠡᠬᠡᠯᠳᠡ ᠶᠢᠨ ᠶᠤᠰᠤᠯᠠᠯ

ᠭᠤᠷᠪᠠᠳᠠᠬᠢ ᠤᠳᠠᠭ᠎ᠠ ᠶᠢᠨ《ᠪᠠᠬᠠᠳᠠᠢ ᠤᠩᠰᠢᠯᠭ᠎ᠠ ᠠᠮᠢᠳᠤᠷᠠᠯ ᠳᠤ ᠨᠦᠯᠦᠬᠡᠯᠡᠨ᠎ᠡ》ᠰᠡᠳᠦᠪ ᠡᠬᠡ ᠪᠢᠴᠢᠭ᠌ ᠡᠯᠰᠡᠬᠦ ᠠᠵᠢᠯᠯᠠᠭᠠᠨ ᠤ ᠱᠠᠩᠨᠠᠯ ᠤᠯᠭᠤᠬᠤ ᠶᠤᠰᠤᠯᠠᠯ

ᠦᠤᠰᠢᠨ ᠬᠤᠰᠢᠭᠤᠨ ᠤ ᠨᠠᠰᠤᠳᠠᠶᠢᠴᠤᠳ ᠤᠨ ᠤᠷᠠᠯᠢᠭ ᠤᠨ ᠪᠦᠯᠬᠦᠮ ᠤᠨ ᠳᠤᠭᠯᠠᠯᠳᠠ

ᠦᠤᠰᠢᠨ ᠬᠤᠰᠢᠭᠤᠨ ᠤ ᠨᠤᠮ ᠤᠨ ᠰᠠᠩ ᠤᠨ ᠨᠤᠮ ᠪᠢᠴᠢᠭ᠌ ᠢ ᠬᠦᠳᠡᠬᠡ ᠪᠠᠭᠤᠯᠭᠠᠬᠤ ᠠᠵᠢᠯᠯᠠᠭ᠎ᠠ

ᠵᠢᠷᠤᠭ᠎ᠠ ᠮᠤᠷᠢᠨ ᠤ ᠤᠷᠤᠯᠳᠤᠭᠠᠨ ᠳᠤ ᠤᠷᠤᠯᠴᠠᠬᠤ ᠪᠡᠷ ᠰᠠᠭᠠᠳᠠᠭᠰᠠᠨ ᠮᠠᠯᠴᠢᠳ

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120701120941713