蒙古文网站Logo
ᠰᠢᠨᠬᠤᠸᠠ ᠮᠤᠩᠭ᠋ᠤᠯ ᠨᠧᠲ

ᠤᠯ᠋ᠠᠭᠠᠨ ᠬᠠᠳᠠ ᠰᠤᠶᠤᠯ ᠢ ᠳᠡᠯᠡᠬᠡᠢ ᠶᠢᠨ ᠦᠪ ᠢᠶᠡᠷ ᠪᠦᠷᠢᠳᠭᠡᠭᠦᠯᠬᠦ ᠪᠡᠷ ᠪᠠᠶᠢᠨ᠎ᠠ

2017-05-11 11:57

    ᠤᠯ᠋ᠠᠭᠠᠨ ᠬᠠᠳᠠ ᠰᠤᠶᠤᠯ ᠤᠨ ᠪᠠᠭᠤᠷᠢ ᠲᠡᠯ᠋ᠡᠬᠡᠢ ᠵᠢᠨ ᠦᠪ ᠵᠢᠡᠷ ᠪᠦᠷᠢᠳᠭᠡᠬᠥᠯ᠋ᠬᠦ ᠦᠨ᠎ᠠ ᠦᠷᠳᠡᠭ ᠲᠡᠢ ᠡᠰᠡᠬᠦ ᠶᠢ ᠰᠤᠳᠤᠯ᠋ᠤᠨ ᠶᠠᠷᠢᠯ᠋ᠴᠠᠬᠤ ᠤᠯ᠋ᠠᠨ ᠤᠯ᠋ᠤᠰ ᠤᠨ ᠲᠤᠰᠬᠠᠢ ᠮᠡᠷᠬᠡᠵᠢᠯ᠋ᠳᠡᠳ ᠤᠨ ᠬᠤᠷᠠᠯ ᠪᠡᠬᠡᠵᠢᠡᠭ ᠬᠤᠳᠠ ᠳ᠋᠋ᠤ ᠶᠠᠪᠤᠭᠳᠠᠪᠠ᠃

    ᠲᠤᠮᠳᠠᠳᠤ ᠤᠯ᠋ᠤᠰ ᠤᠨ ᠨᠡᠢᠢᠬᠡᠮ ᠤᠨ ᠰᠢᠨᠵᠢᠯ᠋ᠡᠬᠦ ᠤᠬᠠᠭᠠᠨ ᠤ ᠬᠦᠷᠢᠶᠡᠯ᠋ᠡᠡᠭ ᠤᠨ ᠬᠠᠭᠤᠴᠢ ᠰᠤᠳᠤᠯ᠋ᠬᠤ ᠭᠠᠵᠠᠷ᠂ ᠦᠪᠦᠷ ᠮᠤᠨᠭᠭᠤᠯ ᠤᠨ ᠮᠦᠽᠸᠢ᠂ ᠦᠪᠦᠷ ᠮᠤᠨᠭᠭᠤᠯ ᠤᠨ ᠲᠡᠤᠬᠡ ᠶᠢᠨ ᠲᠤᠷᠠᠰᠬᠠᠯ᠋ᠳᠦ ᠵᠦᠢᠯ᠋ᠡᠰ ᠬᠠᠭᠤᠴᠢ ᠰᠤᠳᠤᠯ᠋ᠤᠯ ᠤᠨ ᠭᠠᠵᠡᠷ᠂ ᠯᠢᠶᠤᠤᠨᠢᠡᠭ ᠮᠤᠵᠢ ᠵᠢᠨ ᠲᠡᠤᠬᠡ ᠶᠢᠨ ᠲᠤᠷᠠᠰᠬᠠᠯ᠋ᠳᠦ ᠵᠦᠢᠯ᠋ᠡᠰ ᠬᠠᠭᠤᠴᠢ ᠰᠤᠳᠤᠯ᠋ᠤᠯ ᠤᠨ ᠭᠠᠵᠡᠷ ᠵᠡᠷᠬᠡ ᠰᠤᠳᠤᠯ᠋ᠭᠠᠨ ᠤ ᠪᠠᠢᠢᠭᠤᠯ᠋ᠤᠯ᠋ᠭ᠎ᠠ ᠨᠢᠬᠡᠴᠡ ᠵᠢᠨ ᠬᠠᠭᠤᠴᠢ ᠰᠤᠳᠤᠯ᠋ᠤᠭᠠᠴᠢ᠂ ᠲᠤᠰᠬᠠᠢ ᠮᠡᠷᠬᠡᠵᠢᠯ᠋ᠳᠡᠳ ᠪᠤᠯ᠋ᠤᠨ ᠠᠮᠸᠷᠢᠺᠠ᠂ ᠡᠨᠡᠳᠭᠡᠭ᠌᠂ ᠠᠦ᠋ᠰᠲ᠋ᠷᠠᠯ᠋ᠢᠶ᠎ᠠ ᠪᠤᠯ᠋ᠤᠨ ᠶᠠᠫᠤᠨ ᠵᠡᠷᠬᠡ 4 ᠤᠯ᠋ᠤᠰ ᠡᠴᠡ ᠢᠷᠡᠭᠰᠡᠨ ᠲᠤᠰᠬᠠᠢ ᠮᠡᠷᠬᠡᠵᠢᠯ᠋ᠳᠡᠳ ᠤᠯ᠋ᠠᠭᠠᠨ ᠬᠠᠳᠠ ᠵᠢᠨ ᠪᠠᠭᠤᠷᠢ᠂ ᠸᠸᠢ ᠵᠢᠶᠠ ᠸᠸ (ᠫᠦ᠋ ᠸᠸᠢ ᠤᠪᠤᠭᠳᠦ ᠶᠢᠨ ᠦᠪᠦᠡᠭ ᠭᠡᠷ) ᠶᠢᠨ ᠪᠠᠭᠤᠷᠢ ᠪᠤᠯ᠋ᠤᠨ ᠨᠢᠤ ᠾᠸ ᠯᠢᠶᠡᠡᠭ(ᠪᠠᠰᠠ ᠮᠠᠨᠭᠭᠤᠳ ᠤᠨ ᠭᠤᠤᠯ ᠤᠨ ᠤᠰᠤᠨ ᠲᠦᠷᠦᠬᠦᠦ ᠶᠢᠨ ᠰᠢᠯ᠋ᠢ ᠭᠡᠳᠡᠭ) ᠤᠨ ᠪᠠᠭᠤᠷᠢ ᠳ᠋᠋ᠤ ᠪᠠᠢᠢᠴᠠᠭᠠᠨ ᠰᠤᠳᠤᠯ᠋ᠤᠯ᠋ᠳᠠ ᠬᠢᠭ᠍ᠰᠡᠨ ᠤ ᠲᠠᠷᠠᠭ᠎ᠠ᠂ ᠤᠯ᠋ᠠᠭᠠᠨ ᠬᠠᠳᠠ ᠰᠤᠶᠤᠯ ᠢ ᠲᠡᠯ᠋ᠡᠬᠡᠢ ᠵᠢᠨ ᠦᠪ ᠢᠶᠡᠷ ᠪᠦᠷᠢᠳᠭᠡᠬᠦᠯ᠋ᠬᠦ ᠠᠵᠢᠯ ᠳ᠋᠋ᠤ ᠬᠤᠯ᠋ᠪᠤᠭᠳᠠᠬᠤ ᠰᠠᠨᠠᠯ ᠰᠠᠨᠠᠭᠤᠯ᠋ᠭ᠎ᠠ ᠪᠡᠨ ᠲᠤᠷᠠᠳᠴᠦ ᠰᠤᠳᠤᠯ᠋ᠤᠨ ᠶᠡᠷᠢᠯ᠋ᠴᠠᠬᠰᠠᠨ ᠪᠠᠢᠢᠨ᠎ᠠ᠃ ᠲᠤᠰ ᠤᠳᠠᠭᠠᠨ ᠤ ᠰᠤᠳᠤᠯ᠋ᠤᠨ ᠶᠡᠷᠢᠯ᠋ᠴᠠᠬᠤ ᠬᠤᠷᠠᠯ ᠨᠢ ᠤᠯ᠋ᠠᠭᠠᠨ ᠬᠠᠳᠠ ᠰᠤᠶᠤᠯ ᠤᠨ ᠦᠨ᠎ᠠ ᠦᠷᠳᠡᠭ ᠢ ᠬᠦᠨᠵᠡᠬᠡᠢ ᠠᠭᠤᠳᠠᠯ᠋ᠯ᠋ᠠᠨ᠂ ᠲᠡᠭᠦᠨ ᠤ ᠲᠡᠯ᠋ᠡᠬᠡᠢ ᠶᠢᠨ ᠦᠪ ᠵᠢᠡᠷ ᠪᠦᠷᠢᠳᠭᠡᠬᠦᠯ᠋ᠬᠦ ᠠᠵᠢᠯ ᠢ ᠲᠦᠯ᠋ᠬᠢᠨ ᠠᠬᠢᠭᠤᠯ᠋ᠬᠤ ᠳ᠋᠋ᠤ ᠴᠢᠬᠤᠯ᠋ᠠ ᠶᠡᠬᠡ ᠠᠴᠢ ᠬᠤᠯ᠋ᠪᠤᠭᠳᠠᠯ ᠲᠠᠢ ᠶᠤᠮ᠃

    ᠤᠯ᠋ᠠᠭᠠᠨ ᠬᠠᠳᠠ ᠰᠤᠶᠤᠯ ᠪᠤᠯ ᠮᠤᠨᠭᠭᠤᠯ ᠤᠨ ᠦᠨᠳᠦᠷᠯ᠋ᠢᠭ᠌ ᠤᠨ ᠵᠡᠬᠦᠨ ᠡᠮᠦᠨ᠎ᠡ ᠭᠡᠰᠡᠭ ᠤᠨ ᠰᠢᠨ᠎ᠠ ᠴᠢᠯ᠋ᠠᠭᠤᠨ ᠵᠠᠪᠰᠡᠭ ᠤᠨ ᠬᠤᠵᠢᠭᠤ ᠦᠶ᠎ᠠ ᠶᠢᠨ ᠴᠢᠬᠤᠯ᠋ᠠ ᠬᠠᠭᠤᠴᠢ ᠰᠤᠳᠤᠯ᠋ᠤᠯ ᠤᠨ ᠰᠤᠶᠤᠯ ᠮᠦᠨ᠃ ᠤᠳᠤ ᠡᠴᠡ 6500 ︱ 5000 ᠵᠢᠯ ᠤᠨ ᠲᠡᠤᠭᠡ ᠲᠡᠢ ᠬᠠᠭᠤᠴᠢ ᠰᠤᠳᠤᠯ᠋ᠤᠯ ᠤᠨ ᠲᠤᠷᠠᠰᠬᠠᠯ ᠪᠤᠯ᠋ᠤᠨ᠎ᠠ᠃ ᠲᠡᠷᠡ ᠨᠢ ᠤᠯ᠋ᠠᠭᠠᠨᠬᠠᠳᠠ ᠬᠤᠳᠠ ᠵᠢᠨ ᠤᠯ᠋ᠠᠭᠠᠨ ᠬᠠᠳᠠ ᠵᠢᠨ ᠠᠷᠤ ᠳ᠋᠋ᠡᠬᠢ ᠪᠠᠭᠤᠷᠢ᠂ ᠸᠸᠢ ᠵᠢᠶᠠ ᠸᠸ ᠫᠦ᠋ ᠵᠢᠨ ᠪᠠᠭᠤᠷᠢ᠂ ᠰᠢᠡᠭ ᠯᠦᠡᠭ ᠭᠸ᠋ᠦ ᠵᠢᠨ ᠪᠠᠭᠤᠷᠢ᠂ ᠯᠢᠶᠤᠤᠨᠢᠡᠭ ᠮᠤᠵᠢ ᠶᠢᠨ ᠴᠤᠤ ᠶᠡᠡᠭ ᠬᠤᠳᠠ ᠶᠢᠨ ᠨᠢᠤ ᠾᠸ ᠯᠢᠶᠡᠡᠭ ᠤᠨ ᠪᠠᠭᠤᠷᠢ ᠵᠡᠷᠬᠡ ᠪᠡᠷ ᠪᠦᠷᠢᠯ᠋ᠳᠦᠵᠡᠢ᠃ ᠡᠳᠡᠬᠡᠷ ᠪᠠᠭᠤᠷᠢ ᠡᠴᠡ ᠮᠠᠯ᠋ᠳᠠᠨ ᠭᠠᠷᠭᠠᠭᠰᠠᠨ ᠱᠠᠭᠠᠵᠠᠡᠭ᠂ ᠬᠠᠰ᠂ ᠴᠢᠯ᠋ᠠᠭᠤᠨ ᠭᠡᠷᠡᠭᠰᠡᠯ ᠨᠢ ᠮᠠᠰᠢ ᠲᠦᠯ᠋ᠦᠬᠡᠯ᠋ᠡᠬᠦ ᠴᠢᠨᠡᠷᠳᠡᠢ ᠪᠠᠢᠢᠵᠦ᠂ ᠤᠯ᠋ᠠᠭᠠᠨ ᠬᠠᠳᠠ ᠰᠤᠶᠤᠯ ᠤᠨ ᠭᠦᠭ᠍ᠵᠢᠯ᠋ᠳᠡ ᠶᠢᠨ ᠤᠯ᠋ᠠ ᠮᠦᠷ᠂ ᠲᠤᠬᠠᠢ ᠵᠢᠨ ᠨᠡᠢᠢᠬᠡᠮ ᠤᠨ ᠦᠢᠯ᠋ᠡᠳᠪᠦᠷᠢᠯ᠋ᠡᠯ ᠠᠮᠢᠳᠤᠷᠠᠯ ᠤᠨ ᠠᠷᠭ᠎ᠠ ᠮᠠᠶ᠊ᠢᠭ᠂ ᠲᠠᠬᠢᠯ᠋ᠭ᠎ᠠ ᠲᠠᠢᠢᠯ᠋ᠭ᠎ᠠ ᠶᠢᠨ ᠲᠦᠷᠢᠮ᠂ ᠭᠠᠷ ᠦᠢᠯ᠋ᠡᠳᠪᠦᠷᠢᠯ᠋ᠡᠯ ᠤᠨ ᠲᠤᠰᠬᠠᠢᠢᠵᠢᠯ ᠪᠤᠯ᠋ᠤᠨ ᠨᠡᠢᠢᠬᠡᠮᠴᠢᠯ᠋ᠠᠯ᠋ᠳᠡ ᠶᠢᠨ ᠴᠢᠬᠤᠯ᠋ᠠ ᠭᠡᠷᠡᠴᠢ ᠲᠡᠮᠳᠡᠭ ᠪᠤᠯ᠋ᠵᠦ ᠪᠠᠢᠢᠳᠠᠭ᠃

    ᠤᠳᠤᠬᠠᠨ ᠳ᠋᠋ᠤ ᠮᠠᠯ᠋ᠳᠠᠬᠰᠠᠨ ᠶᠠᠪᠤᠴᠠ᠂ ᠴᠠᠭ ᠦᠶ᠎ᠠ᠂ ᠰᠢᠨᠵᠢ ᠴᠢᠨᠡᠷ᠂ ᠦᠯ᠋ᠡᠳᠡᠭᠳᠡᠯ ᠤᠨ ᠬᠠᠮᠠᠭᠠᠯ᠋ᠠᠯ᠋ᠳᠠ ᠶᠢᠨ ᠪᠠᠢᠢᠳᠠᠯ᠂ ᠡᠷᠳᠡᠮ ᠰᠢᠨᠵᠢᠯ᠋ᠡᠬᠡᠨ ᠤ ᠠᠬᠢᠴᠡ ᠵᠢᠴᠢ ᠰᠤᠶᠤᠯ ᠤᠨ ᠲᠦᠯ᠋ᠦᠬᠡᠯ᠋ᠡᠬᠦ ᠰᠢᠨᠵᠢ ᠶᠢ ᠨᠢ ᠦᠨᠳᠦᠰᠦᠯ᠋ᠡᠨ᠂ ᠤᠯ᠋ᠠᠭᠠᠨ ᠬᠠᠳᠠ ᠵᠢᠨ ᠠᠷᠤ ᠳ᠋᠋ᠡᠬᠢ ᠪᠠᠭᠤᠷᠢ᠂ ᠸᠸᠢ ᠵᠢᠶᠠ ᠸᠸ ᠫᠦ᠋ ᠵᠢᠨ ᠪᠠᠭᠤᠷᠢ ᠪᠤᠯ᠋ᠤᠨ ᠨᠢᠤ ᠾᠸ ᠯᠢᠶᠡᠡᠭ ᠤᠨ ᠪᠠᠭᠤᠷᠢ ᠵᠡᠷᠬᠡ 3 ᠪᠠᠭᠤᠷᠢ ᠵᠢ ᠲᠡᠯ᠋ᠡᠬᠡᠢ ᠵᠢᠨ ᠦᠪ ᠢᠶᠡᠷ ᠪᠦᠷᠢᠳᠭᠡᠬᠦᠯ᠋ᠬᠦ ᠪᠡᠷ ᠲᠦᠯ᠋ᠦᠪᠯᠡᠵᠦ ᠪᠠᠢᠢᠨ᠎ᠠ᠃《ᠤᠯ᠋ᠠᠭᠠᠨ ᠬᠠᠳᠠ ᠶᠢᠨ ᠠᠷᠤ ᠳ᠋᠋ᠡᠬᠢ ᠪᠠᠭᠤᠷᠢ ᠪᠤᠯ ᠤᠯ᠋ᠠᠭᠠᠨ ᠬᠠᠳᠠ ᠰᠤᠶᠤᠯ ᠤᠨ ᠰᠤᠳᠤᠯ᠋ᠭᠠᠨ ᠤ ᠡᠬᠢᠯ᠋ᠡᠯ᠋ᠳᠡ ᠶᠢᠨ ᠴᠡᠭ ᠪᠤᠯ᠋ᠬᠤ ᠪᠦᠭᠡᠳ ᠤᠯ᠋ᠠᠭᠠᠨ ᠬᠠᠳᠠ ᠰᠤᠶᠤᠯ ᠤᠨ ᠨᠡᠷᠡᠢᠢᠳᠦᠯ ᠤᠨ ᠢᠷᠡᠯ᠋ᠳᠡ ᠶᠢᠨ ᠭᠠᠵᠡᠷ ᠪᠤᠯ᠋ᠤᠨ᠎ᠠ᠃ ᠸᠸᠢ ᠵᠢᠶᠠ ᠸᠸ ᠫᠦ᠋ ᠵᠢᠨ ᠪᠠᠭᠤᠷᠢ ᠨᠢ ᠲᠤᠬᠠᠢ ᠶᠢᠨ ᠦᠶ᠎ᠠ ᠶᠢᠨ ᠠᠢᠢᠯ ᠲᠤᠰᠬᠤᠨ ᠤ ᠦᠨᠳᠦᠰᠦᠨ ᠪᠠᠢᠢᠳᠠᠯ ᠪᠤᠯ᠋ᠤᠨ ᠦᠢᠯ᠋ᠡᠳᠪᠦᠷᠢᠯ᠋ᠡᠯ ᠠᠮᠢᠳᠤᠷᠠᠯ ᠤᠨ ᠪᠠᠢᠢᠳᠠᠯ ᠢ ᠲᠦᠪᠯᠡᠷᠡᠩᠭᠦᠢ ᠲᠤᠰᠬᠠᠬᠰᠠᠨ ᠢᠶᠡᠷ ᠢᠶᠡᠨ ᠤᠯ᠋ᠠᠭᠠᠨ ᠬᠠᠳᠠ ᠰᠤᠶᠤᠯ ᠤᠨ ᠨᠠᠢᠢᠳᠡᠯ᠋ᠢᠭ᠌ ᠵᠢᠱᠢᠶ᠎ᠠ ᠪᠤᠯ᠋ᠵᠦ ᠪᠠᠢᠢᠳᠠᠭ᠃ ᠨᠢᠤ ᠾᠸ ᠯᠢᠶᠡᠡᠭ ᠤᠨ ᠪᠠᠭᠤᠷᠢ ᠪᠤᠯ ᠬᠠᠭᠤᠴᠢ ᠰᠤᠳᠤᠯ᠋ᠤᠯ ᠤᠨ ᠮᠦᠷᠳᠡᠯ ᠮᠠᠯ᠋ᠳᠠᠯ᠋ᠭ᠎ᠠ ᠲᠤᠮᠳᠠ ᠤᠳᠤ ᠪᠤᠯ᠋ᠳᠠᠯ᠎ᠠ ᠢᠯ᠋ᠡᠷᠡᠬᠦᠯ᠋ᠦᠭᠰᠠᠨ ᠬᠡᠪᠴᠢᠶ᠎ᠡ ᠪᠡᠷ ᠬᠠᠮᠤᠭ ᠤᠨ ᠶᠡᠬᠡ᠂ ᠪᠦᠷᠢᠯ᠋ᠳᠤᠴᠡ ᠨᠢ ᠨᠠᠷᠢᠨ ᠪᠤᠳᠤᠯ᠋ᠢᠶᠠᠨᠳᠡᠢ ᠲᠠᠬᠢᠯ᠋ᠭ᠎ᠠ ᠪᠤᠯ᠋ᠤᠨ ᠤᠷᠤᠰᠢᠭᠤᠯ᠋ᠭ᠎ᠠ ᠶᠢᠨ ᠦᠯ᠋ᠡᠳᠡᠭᠳᠡᠯ ᠪᠠᠢᠢᠵᠦ᠂ ᠲᠤᠮᠳᠠᠳᠦ ᠶᠢᠨ ᠪᠤᠯ᠋ᠪᠠᠰᠤᠨ ᠤ ᠡᠬᠦᠰᠦᠯ ᠬᠦᠭ᠍ᠵᠢᠯ ᠤᠨ ᠶᠠᠪᠤᠴᠠ ᠶᠢᠨ ᠴᠢᠬᠤᠯ᠋ᠠ ᠵᠠᠩᠭᠢᠯᠠᠭ᠎᠎ᠠ  ᠴᠡᠭ᠂ ᠲᠤᠮᠳᠠᠳᠦ ᠶᠢᠨ ᠪᠤᠯ᠋ᠪᠠᠰᠤᠨ ᠤ ᠤᠯ᠋ᠠᠨ ᠲᠤᠢᠢᠯ᠋ᠰᠢᠷᠠᠯ ᠤᠨ ᠪᠤᠳᠠᠳᠦ ᠬᠡᠷᠡᠴᠢ ᠪᠤᠯ᠋ᠵᠦ ᠪᠠᠢᠢᠨ᠎ᠠ᠃ ᠲᠤᠰ ᠭᠤᠷᠪᠠᠨ ᠪᠠᠭᠤᠷᠢ ᠨᠢ ᠬᠠᠷᠢᠯ᠋ᠴᠠᠨ ᠨᠦᠬᠦᠪᠦᠷᠢᠯ᠋ᠠᠵᠦ᠂ ᠤᠯ᠋ᠠᠭᠠᠨ ᠬᠠᠳᠠ ᠰᠤᠶᠤᠯ ᠤᠨ ᠨᠠᠷᠢᠨ ᠪᠤᠳᠤᠯ᠋ᠢᠶᠠᠨᠳᠠᠢ ᠨᠡᠢᠢᠬᠡᠮ ᠤᠨ ᠬᠡᠯ᠋ᠪᠡᠷᠢ ᠵᠢ ᠬᠠᠷᠠᠭᠤᠯ᠋ᠵᠦ ᠪᠠᠢᠢᠳᠠᠭ》ᠬᠡᠵᠦ ᠴᠢᠨᠭᠬᠤᠸᠠ ᠶᠡᠬᠡ ᠰᠤᠷᠭᠠᠭᠤᠯ᠋ᠢ ᠶᠢᠨ ᠰᠤᠶᠤᠯ ᠤᠨ ᠦᠪ ᠤᠨ ᠬᠠᠮᠠᠭᠠᠯ᠋ᠠᠯ᠋ᠳᠠ ᠶᠢᠨ ᠲᠦᠪ ᠤᠨ ᠲᠤᠰᠬᠠᠢ ᠮᠡᠷᠬᠡᠵᠢᠯ᠋ᠳᠡᠨ ᠰᠦᠨ ᠶᠡᠨ ᠶᠡᠷᠢᠨ᠎ᠠ᠃

    ᠰᠤᠳᠤᠯ᠋ᠤᠨ ᠶᠠᠷᠢᠯ᠋ᠴᠠᠬᠤ ᠬᠤᠷᠠᠯ ᠲᠡᠬᠡᠷ᠎ᠠ᠂ ᠤᠯ᠋ᠠᠭᠠᠨ ᠬᠠᠳᠠ ᠰᠤᠶᠤᠯ ᠤᠨ ᠦᠨ᠎ᠠ ᠦᠷᠳᠡᠭ ᠢ ᠬᠡᠷᠬᠢᠨ ᠢᠯ᠋ᠡᠷᠡᠬᠦᠯ᠋ᠬᠦ ᠲᠤᠬᠠᠢ ᠤᠯ᠋ᠠᠨ ᠤᠯ᠋ᠤᠰ ᠤᠨ ᠲᠤᠰᠬᠠᠢ ᠮᠡᠷᠬᠡᠵᠢᠯ᠋ᠳᠡᠳ ᠦᠪᠡᠷ ᠦᠪᠡᠷ ᠤᠨ ᠰᠠᠨᠠᠯ ᠪᠤᠳᠤᠯ ᠢᠶᠡᠨ ᠶᠠᠷᠢᠬᠰᠠᠨ ᠪᠠᠶᠢᠨ᠎ᠠ᠃ ᠡᠨᠡᠳᠬᠡᠭ᠌ ᠤᠨ ᠬᠠᠭᠤᠴᠢ ᠰᠤᠳᠤᠯ᠋ᠤᠭᠠᠴᠢ ᠷᠢᠮ᠎ᠠ · ᠬᠤᠵᠢᠶᠠ᠄ 《ᠤᠯ᠋ᠠᠭᠠᠨ ᠬᠠᠳᠠ ᠰᠤᠶᠤᠯ ᠢ ᠲᠡᠯ᠋ᠡᠬᠡᠢ ᠵᠢᠨ ᠦᠪ ᠵᠢᠡᠷ ᠪᠦᠷᠢᠳᠬᠡᠬᠦᠯ᠋ᠬᠦ ᠳ᠋᠋ᠤ ᠨᠡᠡᠭ ᠤᠯ᠋ᠠᠨ ᠲᠦᠷᠦᠯ ᠤᠨ ᠬᠡᠯ᠋ᠡ ᠪᠤᠯ᠋ᠤᠨ ᠨᠡᠡᠭ ᠦᠷᠬᠡᠨ ᠬᠠᠷᠠᠭᠠᠰᠦ ᠡᠴᠡ ᠲᠡᠬᠦᠨ ᠤ ᠦᠨ᠎ᠠ ᠦᠷᠳᠡᠭ ᠢ ᠲᠠᠢᠢᠯ᠋ᠪᠤᠷᠢᠯ᠋ᠠᠬᠤ ᠬᠡᠷᠡᠭᠳᠡᠢ᠃ ᠬᠠᠭᠤᠴᠢ ᠪᠠᠭᠤᠷᠢ ᠶᠢᠨ ᠦᠪᠡᠷᠮᠢᠴᠡ ᠤᠨᠴᠠᠭᠠᠢ ᠰᠢᠨᠵᠢ ᠶᠢ ᠲᠤᠪᠤᠢᠢᠯ᠋ᠭᠠᠬᠤ ᠶᠢ ᠤᠨᠴᠠ ᠴᠢᠬᠤᠯ᠋ᠠᠴᠢᠯ᠋ᠠᠬᠤ ᠬᠡᠷᠡᠭᠳᠡᠢ》 ᠬᠡᠵᠡᠢ᠃ ᠠᠦ᠋ᠰᠲ᠋ᠷᠡᠯ᠋ᠢᠶ᠎ᠠ ᠶᠢᠨ ᠲᠤᠰᠬᠠᠢ ᠮᠡᠷᠬᠡᠵᠢᠯ᠋ᠳᠡᠨ ᠮᠠᠢᠢᠺᠸᠯ· ᠫᠸᠷᠰᠸᠨ᠄《 ᠤᠯ᠋ᠠᠭᠠᠨ ᠬᠠᠳᠠ ᠰᠤᠶᠤᠯ ᠢ ᠲᠠᠨᠢᠯ᠋ᠴᠠᠭᠤᠯ᠋ᠬᠤ ᠳ᠋᠋ᠤ᠂ ᠲᠡᠬᠦᠨ ᠳ᠋᠋ᠤ ᠬᠤᠯ᠋ᠪᠤᠭᠳᠠᠬᠤ ᠦᠯ᠋ᠢᠬᠡᠷ ᠲᠡᠤᠬᠡ ᠶᠢ ᠰᠠᠢᠢᠳᠤᠷ ᠶᠠᠷᠢᠬᠤ ᠭᠡᠷᠡᠭᠳᠡᠢ᠃ ᠲᠤᠬᠠᠢᠢᠯ᠋ᠠᠪᠠᠯ ᠨᠠᠷᠢᠯ᠋ᠢᠭ ᠵᠦᠢᠯ᠋ᠡᠰ ᠢ ᠤᠷᠬᠢᠬᠳᠡᠭᠤᠯ᠋ᠬᠤ ᠦᠬᠡᠢ ᠮᠦᠷᠳᠡᠬᠡᠨ ᠬᠦᠮᠦᠨ ᠲᠦᠷᠦᠯ᠋ᠬᠢᠳᠡᠨ ᠤ ᠬᠤᠪᠢᠰᠤᠯ ᠬᠦᠭ᠍ᠵᠢᠯ ᠤᠨ ᠦᠷᠬᠡᠨ ᠬᠠᠷᠠᠭᠠᠰᠦ ᠡᠴᠡ ᠲᠠᠢᠢᠯ᠋ᠪᠤᠷᠢᠯ᠋ᠠᠬᠤ ᠶᠢ ᠬᠢᠴᠢᠶᠡᠬᠦ ᠭᠡᠷᠡᠭᠳᠡᠢ》ᠬᠡᠵᠡᠢ᠃

    ᠤᠢᠢᠯ᠋ᠠᠭᠠᠬᠰᠠᠨ ᠢᠶᠡᠷ᠂ ᠤᠯ᠋ᠠᠭᠠᠨᠬᠠᠳᠠ ᠬᠤᠳᠠ ᠨᠢ ᠤᠯ᠋ᠠᠭᠠᠨ ᠬᠠᠳᠠ ᠰᠤᠶᠤᠯ ᠤᠨ ᠬᠠᠭᠤᠴᠢ ᠰᠤᠳᠤᠯ᠋ᠤᠯ᠂ ᠡᠷᠳᠡᠮ ᠰᠢᠨᠵᠢᠯ᠋ᠡᠬᠡᠨ᠂ ᠬᠠᠮᠠᠭᠠᠯ᠋ᠠᠯ᠋ᠳᠠ ᠪᠤᠯ᠋ᠤᠨ ᠰᠤᠷᠳᠠᠯ ᠤᠬᠠᠭᠤᠯ᠋ᠭ᠎ᠠ ᠪᠡᠨ ᠤᠯ᠋ᠠᠮ ᠴᠢᠨᠭᠭᠠᠳᠬᠠᠨ᠂ ᠤᠯ᠋ᠠᠭᠠᠨ ᠬᠠᠳᠠ ᠰᠤᠶᠤᠯ ᠢ ᠲᠡᠯ᠋ᠡᠬᠡᠢ ᠵᠢᠨ ᠦᠪ ᠢᠶᠡᠷ ᠪᠦᠷᠢᠳᠭᠡᠬᠦᠯ᠋ᠬᠦ ᠠᠵᠢᠯ ᠢ ᠲᠤᠤᠱᠳᠠᠢ ᠬᠢᠬᠦ ᠪᠡᠷ ᠴᠢᠷᠮᠠᠢᠢᠵᠦ ᠪᠠᠢᠢᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120955303