蒙古文网站Logo
ᠰᠢᠨᠬᠤᠸᠠ ᠮᠤᠩᠭ᠋ᠤᠯ ᠨᠧᠲ

ᠣᠷᠠᠳ ‍ᠤᠨ ᠳᠣᠮᠳᠠᠳᠣ ᠬᠣᠰᠢᠭᠣᠨ ‍ᠤ 《 ᠣᠷᠠᠳ ᠰᠣᠶᠣᠯ ‍ᠤᠨ ᠶᠢᠰᠦᠨ ᠪᠠᠳᠠᠷᠠᠯᠳᠣ ᠪᠦᠳᠦᠬᠡᠯ ᠦᠪᠦᠷ ᠮᠣᠡᠭᠭᠣᠯ ‍ᠤᠨ ᠮᠣᠡᠭᠭᠣᠯ ᠷᠣᠮᠠᠨ ‍ᠤ ᠦᠯᠦᠬᠡᠢ 》 ᠬᠦᠰᠢᠶ᠎ᠡ ᠪᠠᠨ ᠳᠡᠭᠡᠳᠦᠯᠡᠨ ᠮᠢᠯᠢᠶᠡᠬᠣ ᠠᠵᠢᠯᠯᠠᠭ᠎ᠠ ᠠᠮᠵᠢᠯᠳᠠ ᠳᠡᠢ ᠰᠠᠶᠢᠬᠠᠨ ᠶᠠᠪᠤᠭᠳᠠᠯ᠎ᠠ

2017-05-18 16:31

    ᠰᠡᠭᠦᠯ ᠤᠨ ᠦᠶ᠎ᠠ ᠳᠤ᠂ ᠦᠪᠦᠷ ᠮᠤᠩᠭ᠋ᠤᠯ ‍ᠤᠨ ᠪᠠᠶᠠᠨᠨᠠᠭᠤᠷ ᠬᠤᠳᠠ ᠶ᠋ᠢᠨ ᠣᠷᠠᠳ ‍ᠤᠨ ᠳᠣᠮᠳᠠᠳᠣ ᠬᠣᠰᠢᠭᠣᠨ ‍ᠤ ᠵᠣᠬᠢᠶᠠᠯᠴᠢᠳ ‍ᠤᠨ ᠬᠣᠯᠪᠣᠭ᠎ᠠ ᠨᠢ ᠳᠣᠰ ᠬᠣᠰᠢᠭᠣᠨ ‍ᠤ ᠮᠣᠡᠭᠭᠣᠯ ᠦᠨᠳᠦᠰᠦᠳᠡᠨ ‍ᠤ ᠰᠣᠷᠭᠠᠭᠣᠯᠢ ᠲᠠᠢ ᠬᠠᠮᠳᠣᠷᠠᠨ 《 ᠣᠷᠠᠳ ᠰᠣᠶᠣᠯ ‍ᠤᠨ ᠶᠢᠰᠦᠨ ᠪᠠᠳᠠᠷᠠᠯᠳᠣ ᠪᠦᠳᠦᠬᠡᠯ ᠦᠪᠦᠷ ᠮᠣᠡᠭᠭᠣᠯ ‍ᠤᠨ ᠮᠣᠡᠭᠭᠣᠯ ᠷᠣᠮᠠᠨ ‍ᠤ ᠦᠯᠦᠬᠡᠢ 》 ᠭᠡᠬᠦ ᠭᠤᠤᠯ ᠰᠡᠳᠦᠪᠳᠤ ᠳᠣᠷᠠᠰᠬᠠᠯ ‍ᠤᠨ ᠬᠦᠰᠢᠶ᠎ᠠ ᠪᠠᠨ ᠳᠡᠬᠡᠳᠦᠯᠡᠨ ᠮᠢᠯᠢᠶᠡᠬᠣ ᠠᠵᠢᠯᠯᠠᠭ᠎ᠠ ᠶᠠᠪᠤᠭᠤᠯᠵᠦ᠂ ᠬᠡᠦᠬᠡᠳ ᠪᠠᠭᠠᠴᠤᠳ ᠤᠨ ᠮᠤᠩᠭ᠋ᠤᠯ ᠰᠤᠶᠤᠯ ᠢᠶᠡᠨ ᠤᠯᠡᠮᠵᠢᠯᠡᠨ ᠬᠦᠭ᠍ᠵᠢᠭᠦᠯᠬᠦ ᠤᠷᠮ᠎ᠠ ᠵᠤᠷᠢᠭ ‍ᠢ ᠬᠦᠭ᠍ᠵᠢᠭᠡᠭ᠍ᠰᠠᠨ ᠪᠠᠶᠢᠨ᠎ᠠ᠃

    ᠪᠠᠶᠠᠨᠨᠠᠭᠤᠷ ᠬᠤᠳᠠ ᠶ᠋ᠢᠨ ᠣᠷᠠᠳ ‍ᠤᠨ ᠳᠣᠮᠳᠠᠳᠣ ᠬᠣᠰᠢᠭᠣ ᠨᠢ 《 ᠮᠣᠡᠭᠭᠣᠯ ᠷᠣᠮᠠᠨ ‍ᠤ ᠦᠯᠦᠬᠡᠢ 》 ᠭᠡᠰᠡᠨ ᠰᠠᠶᠢᠬᠠᠨ ᠠᠯᠳᠠᠷ ᠴᠤᠯᠠ ᠳᠡᠢ᠂ ᠡᠨᠡ ᠨᠣᠳᠣᠭ ᠡᠴᠠ ᠳ᠋ᠠᠡᠭ ᠴᠠᠭᠳᠠᠷᠰᠦ᠋ᠷᠦᠡᠭ᠂ ᠠᠡᠭᠴᠢᠨᠬᠦᠦ᠂ ᠪᠦᠷᠢᠨᠳᠡᠬᠦᠰ᠂ ᠰᠠᠷᠡᠡᠭ᠂ ᠨᠡ‍ ᠰᠢᠷᠠᠬᠦᠦ ᠵᠡᠷᠬᠡ ᠣᠯᠣᠰ ᠣᠷᠣᠨ ᠳ᠋ᠠᠭᠠᠨ ᠨᠠᠷ᠎ᠡ ᠴᠣᠣᠳᠠᠢ ᠷᠣᠮᠠᠨᠴᠢ ᠭᠠᠷᠣᠭᠰᠠᠨ ᠪᠦᠬᠡᠳ ᠳᠠᠭᠣᠣ ᠶ᠋ᠢᠨ ᠰᠢᠯᠦᠭ ‍ᠥᠨ ᠵᠣᠬᠢᠶᠠᠭᠴᠢ᠂ ᠬᠦᠭ᠍ᠵᠢᠮᠴᠢᠨ ᠪᠦᠵᠢᠭ᠍ᠴᠢᠨ ᠴᠢ‍ ᠳᠠᠯᠠᠨᠳᠠᠢ᠂ ᠣᠷᠠᠳ ᠵᠠᠡᠭ ᠦᠢᠯᠡ ᠶ᠋ᠢᠨ ᠰᠣᠳᠣᠯᠭᠠᠳᠠᠨ᠂ ᠳᠣᠯᠢᠴᠢᠨ ᠪᠤᠷᠵᠢᠬᠢᠨ ᠸᠠᠡᠭᠵᠢᠯ᠂ ᠪᠦᠵᠢᠭ᠍ᠴᠢᠨ ᠣᠳᠣᠨᠬᠡᠷᠡᠯ᠂ ᠪᠦᠬᠡᠴᠢᠨ ᠬᠡᠰᠢᠭ᠍ᠪᠡᠳᠣ᠂ ᠬᠣᠪᠢᠰᠬᠠᠯᠳᠣ᠂ ᠳᠠᠭᠣᠴᠢᠨ ᠳᠣᠭᠯᠠᠭᠴᠢ ᠪᠡᠳᠮ᠎ᠠ᠂ ᠤᠷᠠᠨ ᠪᠢᠴᠢᠯᠭᠡᠳᠡᠨ ᠷ ᠳᠤᠭᠳᠠᠭᠤᠨᠪᠢᠯᠢᠭ᠌᠂ ᠬᠢᠴᠢᠶᠡᠯᠳᠤ ᠵᠡᠷᠬᠡ ᠨᠢᠬᠡ ᠪᠦᠯᠦᠭ ᠮᠣᠡᠭᠭᠣᠯ ᠰᠣᠶᠣᠯ ‍ᠤᠨ ᠵᠢᠳᠬᠦᠯᠲᠡᠳ ᠴᠤᠯᠭᠤᠷᠠᠨ ᠭᠠᠷᠴᠤ᠂ ᠣᠷᠠᠳ ᠮᠣᠡᠭᠭᠣᠯᠴᠣᠳ ‍ᠤᠨ ᠢᠶᠡᠨ ᠣᠮᠣᠭᠰᠢᠯ ᠵᠤᠷᠢᠭᠵᠢᠭᠤᠯᠤᠯ ᠪᠣᠯᠣᠭᠰᠠᠨ ᠢᠶᠠᠷ 2011 ᠣᠨ ‍ᠤ10 ᠰᠠᠷ᠎ᠠ ᠳ᠋ᠣ ᠪᠣᠷᠬᠠᠨ ᠪᠣᠯᠣᠭᠰᠠᠨ ᠪᠣᠷᠵᠢᠬᠢᠨ ᠸᠠᠡᠭᠵᠢᠯ ᠪᠠᠭᠰᠢ ᠶ᠋ᠢᠨ ᠰᠠᠨᠠᠭᠠᠴᠢᠯᠠᠭ᠎ᠠ ᠪᠠᠷ ᠣᠷᠠᠳ ‍ᠤᠨ ᠳᠣᠮᠳᠠᠳᠣ ᠬᠣᠰᠢᠭᠣᠨ ‍ᠤ ᠮᠣᠡᠭᠭᠣᠯ ᠦᠨᠳᠦᠰᠦᠳᠡᠨ ‍ᠤ ᠰᠣᠷᠭᠠᠭᠣᠯᠢ ᠳ᠋ᠣ 《 ᠣᠷᠠᠳ ᠰᠣᠶᠣᠯ ‍ᠤᠨ ᠶᠢᠰᠦᠨ ᠪᠠᠳᠠᠷᠠᠯᠳᠣ ᠪᠦᠳᠦᠬᠡᠯ ᠦᠪᠦᠷ ᠮᠣᠡᠭᠭᠣᠯ ‍ᠤᠨ ᠮᠣᠡᠭᠭᠣᠯ ᠷᠣᠮᠠᠨ ‍ᠤ ᠦᠯᠦᠬᠡᠢ 》 ᠬᠡᠮᠡᠬᠦ ᠳᠣᠷᠠᠰᠬᠠᠯ ‍ᠤᠨ ᠬᠦᠰᠢᠶ᠎ᠡ ᠪᠠᠶᠢᠭᠣᠯᠵᠣ᠂ ᠬᠡᠦᠬᠡᠳ ᠪᠠᠭᠠᠴᠤᠳ ‍ᠤᠨ ᠮᠤᠩᠭ᠋ᠤᠯ ᠰᠤᠶᠤᠯ ‍ᠤᠨ ᠵᠢᠳᠬᠦᠯᠲᠡᠳ ᠡᠴᠠ ᠰᠤᠷᠤᠯᠴᠠᠵᠤ᠂ ᠤᠯᠤᠰ ᠦᠨᠳᠦᠰᠦᠳᠡᠨ ᠳ᠋ᠡᠭᠡᠨ ᠬᠠᠶᠢᠷᠠᠳᠡᠢ ᠴᠢᠳᠠᠪᠤᠷᠢᠳᠠᠨ ᠪᠤᠯᠵᠤ ᠬᠦᠮᠦᠵᠢᠭᠳᠡᠬᠦ ᠶ᠋ᠢ ᠬᠦᠰᠡᠨ ᠨᠠᠶᠢᠳᠠᠭᠰᠠᠨ ᠪᠠᠶᠢᠨ᠎ᠠ᠃

    ᠳᠣᠰ ᠣᠳᠠᠭᠠᠨ ‍ᠤ 《 ᠮᠣᠡᠭᠭᠣᠯ ᠷᠣᠮᠠᠨ ‍ᠤ ᠦᠯᠦᠬᠡᠢ 》 ᠬᠦᠰᠢᠶ᠎ᠡ ᠪᠡᠨ ᠳᠣᠷᠠᠰᠬᠠᠨ ᠮᠢᠯᠢᠶᠡᠬᠣ ᠠᠵᠢᠯᠯᠠᠭ᠎ᠠ ᠶ᠋ᠢ ᠣᠷᠠᠳ ‍ᠤᠨ ᠳᠣᠮᠳᠠᠳᠣ ᠬᠣᠰᠢᠭᠣᠨ ‍ᠤ ᠮᠣᠡᠭᠭᠣᠯ ᠦᠨᠳᠦᠰᠦᠳᠡᠨ ‍ᠤ ᠰᠣᠷᠭᠠᠭᠣᠯᠢ ᠶ᠋ᠢᠨ ᠨᠣᠮ ᠣᠡᠭᠰᠢᠬᠣ ᠰᠠᠷ᠎ᠠ ᠶ᠋ᠢᠨ ᠠᠵᠢᠯᠯᠠᠭ᠎ᠠ ᠲᠠᠢ ᠣᠶᠠᠯᠳᠣᠭᠣᠯᠣᠨ ᠬᠢᠭ᠍ᠰᠡᠨ ᠪᠤᠯᠬᠤᠷ ᠠᠭᠤᠯᠭ᠎ᠠ ᠶ᠋ᠢᠨ ᠳᠠᠯ᠎ᠠ ᠪᠠᠷ ᠨᠠᠩ ᠡᠯᠪᠡᠭ᠌ ᠪᠠᠶᠠᠯᠢᠭ ᠪᠤᠯᠵᠤ᠂ ᠪᠦᠬᠦᠶᠢᠯᠡ ᠠᠵᠢᠯᠯᠠᠭ᠎ᠠ ᠨᠢ ᠡᠬᠢᠨ ᠡᠴᠠ ᠪᠠᠨ ᠳᠠᠭᠤᠰᠳᠠᠯ᠎ᠠ ᠪᠠᠶᠠᠷ ᠬᠦᠷ  ᠢᠶᠠᠷ ᠪᠢᠯᠬᠠᠵᠤ᠂ ᠨᠢᠭᠡᠨ ᠤᠳᠠᠭᠠᠨ ‍ᠤ ᠮᠠᠰᠢ ᠤᠳᠬ᠎ᠠ ᠠᠭᠤᠯᠭ᠎ᠠ ᠳᠡᠢ ᠠᠵᠢᠯᠯᠠᠭ᠎ᠠ ᠪᠤᠯᠤᠭᠰᠠᠨ ᠪᠠᠶᠢᠨ᠎ᠠ᠃ ᠤᠶᠢᠷ᠎ᠠ ᠶ᠋ᠢᠨ ᠵᠢᠯ᠂ ᠣᠷᠠᠳ ‍ᠤᠨ ᠳᠣᠮᠳᠠᠳᠣ ᠬᠣᠰᠢᠭᠣᠨ ‍ᠤ ᠮᠣᠡᠭᠭᠣᠯ ᠦᠨᠳᠦᠰᠦᠳᠡᠨ ‍ᠤ ᠰᠣᠷᠭᠠᠭᠣᠯᠢ ᠶ᠋ᠢᠨ ᠡᠯ᠎ᠡ ᠨᠢᠬᠡᠴᠡ ᠨᠢ ᠴᠦᠮ ᠪᠤᠳᠠᠳᠤ ᠪᠠᠶᠢᠳᠠᠯ ᠲᠠᠢ ᠪᠠᠨ ᠵᠣᠬᠢᠴᠠᠭᠣᠯᠣᠨ ᠬᠣᠭᠣᠴᠠᠭ᠎ᠠ ᠪᠦᠷᠢ ᠨᠣᠮ ᠣᠡᠭᠰᠢᠬᠣ ᠂ ᠰᠢᠯᠦᠭ ᠣᠶᠠᠡᠭᠭᠠᠯᠠᠬᠣ ᠂ ᠦᠯᠢᠬᠡᠷ ᠶᠠᠷᠢᠬᠣ ᠵᠡᠷᠬᠡ ᠣᠯᠠᠨ ᠵᠦᠢᠯ ‍ᠤᠨ ᠰᠤᠶᠤᠯ ᠤᠷᠠᠯᠢᠭ ‍ᠤᠨ ᠠᠵᠢᠯᠯᠠᠭ᠎ᠠ ᠨᠤᠭᠤᠳ  ᠢ ᠦᠷᠬᠦᠯᠵᠢ ᠶ᠋ᠢᠨ ᠴᠢᠨᠡᠷᠳᠡᠢ ᠦᠷᠨᠢᠭᠦᠯᠦᠭᠰᠡᠭᠡᠷ ᠢᠷᠡᠭᠰᠠᠨ ᠪᠦᠬᠡᠳ ᠬᠣᠰᠢᠭᠣᠨ ‍ᠤ ᠵᠣᠬᠢᠶᠠᠯᠴᠢᠳ ‍ᠤᠨ ᠬᠣᠯᠪᠣᠭ᠎ᠠ ᠨᠢ ᠪᠠᠰᠠ ᠵᠣᠬᠢᠶᠠᠯᠴᠢ ᠪᠤᠯᠤᠨ ᠵᠠᠡᠭ ᠦᠢᠯᠡ ᠶ᠋ᠢᠨ ᠰᠣᠳᠣᠯᠭᠠᠳᠠᠨ  ᠢᠶᠡᠨ ᠵᠣᠬᠢᠶᠠᠨ ᠪᠠᠶᠢᠭᠣᠯᠵᠣ᠂ ᠮᠣᠡᠭᠭᠣᠯ ᠰᠣᠷᠭᠠᠭᠣᠯᠢ ᠳ᠋ᠣ 《 ᠪᠢᠴᠢᠬᠠᠨ ᠵᠣᠬᠢᠶᠠᠯᠴᠢ ᠶ᠋ᠢᠨ ᠠᠩᠭᠢ 》 ᠡᠷᠬᠢᠯᠡᠬᠦ ᠶ᠋ᠢᠨ ᠳᠠᠭᠠᠣ ᠵᠠᠡᠭ ᠦᠢᠯᠡ ᠶ᠋ᠢᠨ ᠬᠢᠴᠢᠶᠡᠯ ‍ᠢ ᠵᠢᠭᠠᠭᠰᠠᠭᠠᠷ ᠢᠷᠡᠭᠰᠡᠨ ᠪᠠᠶᠢᠨ᠎ᠠ᠃

    ᠡᠨᠡ ᠤᠳᠠᠭᠠᠨ ‍ᠤ 《 ᠣᠷᠠᠳ ᠰᠣᠶᠣᠯ ‍ᠤᠨ ᠶᠢᠰᠦᠨ ᠪᠠᠳᠠᠷᠠᠯᠳᠣ ᠪᠦᠳᠦᠬᠡᠯ ᠦᠪᠦᠷ ᠮᠣᠡᠭᠭᠣᠯ ‍ᠤᠨ ᠮᠣᠡᠭᠭᠣᠯ ᠷᠣᠮᠠᠨ ‍ᠤ ᠦᠯᠦᠬᠡᠢ 》 ᠳᠣᠷᠠᠰᠠᠬᠠᠯ ‍ᠤᠨ ᠬᠦᠰᠢᠶ᠎ᠡ ᠪᠡᠨ ᠳᠡᠬᠡᠳᠦᠯᠡᠨ ᠮᠢᠯᠢᠶᠡᠬᠣ ᠠᠵᠢᠯᠯᠠᠭ᠎ᠠ ᠳ᠋ᠦ ᠪᠠᠰᠠ ᠰᠣᠷᠣᠭᠴᠢᠳ ᠲᠣ ᠨᠣᠮ ᠪᠢᠴᠢᠭ᠌ ᠬᠦᠷᠬᠡᠬᠦ ᠠᠵᠢᠯᠯᠠᠭ᠎ᠠ ᠲᠠᠭᠠᠯᠳᠤᠭᠤᠯᠤᠬᠰᠠᠨ ᠡᠴᠠ ᠪᠠᠭᠰᠢ ᠰᠤᠷᠤᠭᠴᠢᠳ ᠪᠠ ᠨᠠᠶᠢᠭᠡᠮ ᠨᠠᠶᠢᠳᠠ ᠶ᠋ᠢᠨ ᠬᠠᠯᠠᠭᠤᠨ ᠬᠦᠷᠢᠶᠡᠯᠡᠯ ‍ᠢ ᠶᠡᠬᠡᠪᠡᠷ ᠤᠯᠤᠭᠰᠠᠨ ᠪᠠᠶᠢᠨ᠎ᠠ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠷᠠᠳ᠋ᠢᠤ᠋ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120995999