蒙古文网站Logo
ᠰᠢᠨᠬᠤᠸᠠ ᠮᠤᠩᠭ᠋ᠤᠯ ᠨᠧᠲ

ᠦᠨᠳᠦᠰᠦᠳᠡᠨ ᠤ ᠪᠡᠨ ᠬᠤᠪᠴᠠᠰᠤ ᠵᠠᠰᠠᠯ ᠢ ᠪᠷᠧᠨ᠋ᠳ᠋ᠯᠡᠬᠦ ᠵᠠᠮ ᠢᠶᠡᠷ ᠤᠮᠤᠭᠳᠠᠢ ᠠᠯᠬᠤᠭᠰᠠᠨ ᠤᠶᠤᠳᠠᠨ ᠦᠬᠢᠨ

2017-05-24 10:58

    ᠰᠢᠨᠬᠤᠧᠠ ᠮᠤᠩᠭᠤᠯ ᠨᠧᠲ   ᠬᠦᠬᠡᠬᠤᠳᠠ ᠶᠢᠨ 5 ᠰᠠᠷ᠎ᠠ ᠶᠢᠨ 23 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ᠂ ᠳᠠᠳᠤᠯᠭ᠎ᠠ ᠶᠢᠨ ᠰᠤᠷᠤᠭᠴᠢ ᠳᠠᠨ᠎ᠠ) ᠦᠪᠦᠷ ᠮᠤᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠡᠴᠡ ᠬᠤᠪᠴᠠᠰᠤ ᠵᠠᠬᠪᠤᠷ ᠤᠨ ᠮᠡᠷᠭᠡᠵᠢᠯ ᠢᠶᠡᠷ ᠲᠡᠭᠦᠰᠦᠭᠰᠡᠨ ᠤᠶᠤᠲᠠᠨ ᠦᠷᠴᠠᠶᠢᠬᠤ ᠪᠡᠶ᠎ᠡ ᠳᠠᠭᠠᠭᠠᠨ ᠠᠳᠠᠯ ᠦᠢᠯᠡᠰ ᠪᠤᠰᠬᠠᠬᠤ ᠵᠠᠮ ᠳᠤ ᠵᠤᠷᠢᠭᠳᠠᠢ ᠭᠠᠷᠴᠤ᠂ ᠦᠨᠳᠦᠰᠦᠲᠡᠨ ᠤ ᠪᠡᠨ ᠬᠤᠪᠴᠠᠰᠤ ᠵᠠᠰᠠᠯ ᠢ ᠪᠷᠧᠨ᠋ᠳ᠋ᠯᠡᠬᠦ ᠬᠡᠮᠡᠨ《ᠦᠷᠴᠠᠶᠢᠬᠤ》ᠨᠡᠷ᠎ᠡ ᠪᠡᠷ ᠢᠶᠡᠨ ᠪᠠᠷᠠᠭᠠᠨ ᠤ ᠲᠡᠮᠳᠡᠭ ᠳᠠᠩᠰᠠᠯᠠᠭᠤᠯᠤᠨ ᠦᠢᠯᠡᠰ ᠤᠨ ᠬᠠᠷᠭᠤᠢ ᠳᠦ ᠭᠢᠯᠠᠷᠠᠭᠤᠯᠵᠦ ᠶᠠᠪᠤᠭ᠎ᠠ ᠨᠢᠭᠡᠨ᠃

ᠦᠷᠴᠠᠶᠢᠬᠤ

    ᠦᠨᠳᠦᠰᠦᠳᠡᠨ ᠤ ᠭᠤᠶᠤᠯᠠᠯ ᠴᠢᠮᠡᠭᠯᠡᠯ ᠤᠨ ᠳᠤᠰᠬᠠᠢ ᠵᠠᠬ᠎ᠠ ᠪᠤᠯᠤᠭᠰᠠᠨ ᠬᠠᠭᠤᠴᠢᠨ ᠺᠢᠨᠣ᠋ ᠦᠢᠯᠡᠳᠪᠦᠷᠢ ᠶᠢᠨ ᠪᠠᠷᠠᠭᠤᠨ ᠭᠤᠳᠤᠮᠵᠢᠨ ᠳᠦ ᠦᠷᠴᠠᠶᠢᠬᠤ ᠨᠢᠭᠡᠳᠡᠬᠢ ᠳᠡᠯᠭᠡᠭᠦᠷ ᠢᠶᠡᠨ ᠨᠡᠬᠡᠬᠡᠵᠢ᠃ ᠪᠤᠯᠵᠤᠭᠰᠠᠨ ᠶᠤᠰᠤᠭᠠᠷ ᠪᠢᠳᠡᠨᠡᠷ ᠢ ᠬᠦᠷᠴᠤ ᠤᠴᠢᠬᠤ ᠳᠤ ᠦᠷᠴᠠᠶᠢᠬᠤ ᠬᠤᠳᠠ ᠡᠴᠡ ᠵᠠᠶᠢᠳᠠᠭᠤᠬᠠᠨ ᠪᠠᠶᠢᠷᠢᠯᠠᠬᠤ ᠤᠶᠤᠳᠠᠯ ᠤᠨ ᠦᠢᠯᠡᠳᠪᠦᠷᠢ ᠡᠴᠡ ᠪᠡᠨ ᠬᠠᠷᠢᠵᠤ ᠢᠷᠡᠬᠡ ᠦᠬᠡᠢ ᠪᠠᠶᠢᠪᠠ᠃ ᠳᠡᠯᠬᠡᠬᠦᠷ ᠤᠨ ᠬᠢᠨᠢ ᠦᠷᠦᠬᠡ ᠵᠢᠵᠢᠭᠬᠡᠨ ᠴᠤ ᠴᠡᠪᠡᠷ ᠴᠡᠮᠴᠡᠬᠡᠷ᠂ ᠪᠠᠷᠠᠭ᠎ᠠ ᠨᠢ ᠴᠦᠬᠡᠨ ᠴᠤ ᠪᠦᠬᠦ ᠨᠠᠰᠤᠨ ᠤ ᠬᠦᠮᠦᠰ ᠲᠤ ᠵᠤᠷᠢᠭᠤᠯᠤᠯᠳᠠ ᠲᠠᠢ ᠤᠯᠠᠷᠢᠯ ᠪᠦᠬᠦᠨ ᠤ ᠭᠤᠶᠤ ᠬᠡᠭᠡᠨᠴᠢᠷ ᠵᠠᠭᠪᠤᠷ ᠤᠳ ᠬᠠᠷᠠᠴᠠ ᠪᠤᠯᠢᠶᠠᠨ᠎ᠠ᠃ ᠦᠬᠡᠷ᠎ᠡ ᠪᠤᠰᠤᠳ ᠡᠴᠡ ᠪᠡᠨ ᠢᠯᠡᠬᠦᠦ ᠲᠠᠢ ᠪᠡᠷ ᠨᠢᠳᠤᠨ ᠳᠤ ᠳᠤᠰᠤᠭᠰᠠᠨ ᠨᠢᠭᠡ ᠵᠦᠢᠯ ᠭᠡᠪᠡᠯ᠂ ᠬᠤᠪᠴᠠᠰᠤ ᠪᠤᠯᠭᠠᠨ ᠤ ᠬᠢᠨᠢ ᠡᠩᠬᠡᠷ ᠳᠡᠬᠡᠷ᠎ᠡ《ᠦᠷᠴᠠᠶᠢᠬᠤ》ᠬᠡᠮᠡᠬᠦ ᠱᠤᠰᠢᠭ᠎ᠠ ᠬᠠᠳᠠᠭᠠᠰᠤᠲᠠᠢ ᠪᠠᠶᠢᠯ᠎ᠠ᠃ ᠤᠳᠠᠯ ᠦᠭᠡᠢ ᠪᠤᠷᠤᠭᠵᠢᠭᠤᠬᠠᠨ ᠠᠳᠠᠯ᠎ᠠ ᠭᠤᠧᠠᠯᠢᠭ ᠬᠤᠪᠴᠠᠰᠤᠯᠠᠭᠰᠠᠨ ᠤᠷᠲᠤ ᠬᠠᠷ᠎ᠠ ᠭᠡᠵᠢᠭᠡ ᠲᠠᠢ ᠦᠬᠢᠨ ᠢᠨᠢᠶᠡᠮᠰᠦᠭᠯᠡᠨ ᠤᠷᠤᠵᠦ ᠢᠷᠡᠪᠡ᠃ ᠡᠨᠡ ᠦᠬᠢᠨ ᠪᠤᠯ ᠳᠠᠷᠤᠢ ᠳᠡᠯᠭᠡᠭᠦᠷ ᠤᠨ ᠡᠵᠡᠭᠲᠠᠢ ᠦᠷᠴᠠᠶᠢᠬᠤ ᠪᠠᠶᠢᠯ᠎ᠠ᠃

    ᠲᠡᠷᠡᠪᠡᠷ᠂ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤᠨ ᠤ ᠪᠠᠯᠴᠢᠷᠤᠳ ᠰᠤᠮᠤ ᠪᠡᠷ ᠨᠤᠲᠤᠭ ᠲᠠᠢ᠃ 2014 ᠤᠨ ᠳᠦ᠂ ᠦᠪᠦᠷ ᠮᠤᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠡᠴᠡ ᠬᠤᠪᠴᠠᠰᠤ ᠵᠠᠬᠪᠤᠷ ᠤᠨ ᠮᠡᠷᠭᠡᠵᠢᠯ ᠢᠶᠡᠷ ᠲᠡᠭᠦᠰᠴᠠᠢ᠃ ᠠᠩᠬ᠎ᠠ ᠨᠡᠶᠢᠬᠡᠮ ᠳᠤ ᠬᠦᠯ ᠳᠠᠯᠪᠢᠬᠤ ᠦᠶ᠎ᠡ ᠪᠡᠷ ᠳᠡᠷᠡ ᠪᠠᠰᠠ ᠠᠵᠢᠯ ᠤᠨ ᠪᠠᠶᠢᠷᠢ ᠬᠠᠶᠢᠵᠤ ᠮᠤᠩᠬᠢᠨᠠᠭᠰᠠᠭᠠᠷ᠂ ᠪᠡᠭᠡᠵᠢᠩ ᠤᠨ ᠨᠢᠭᠡᠨ ᠰᠤᠶᠤᠯ ᠵᠠᠭᠤᠴᠢᠯᠠᠭᠤᠷ ᠤᠨ ᠺᠤᠮᠫᠠᠨᠢ ᠳᠦ ᠡᠯᠰᠡᠭᠳᠡᠨ ᠠᠵᠢᠯ ᠤᠨ ᠪᠠᠶᠢᠷᠢ ᠠᠪᠴᠠᠢ᠃ ᠨᠡᠶᠢᠰᠯᠡᠯ ᠬᠤᠳᠠ ᠳᠤ ᠬᠡᠰᠡᠭ ᠬᠤᠭᠤᠴᠠᠭ᠎ᠠ ᠠᠵᠢᠯᠯᠠᠭᠰᠠᠨ ᠤ ᠳᠠᠷᠠᠭ᠎ᠠ᠂ ᠦᠪᠡᠷ ᠤᠨ ᠡᠷᠢᠯ ᠬᠦᠬᠡᠬᠡᠴᠡᠯᠳᠦᠯ ᠢᠶᠡᠨ ᠠᠬᠢᠨ ᠳᠤᠩᠭᠠᠵᠤ᠂ ᠠᠵᠢᠯ ᠦᠢᠯᠡᠰ ᠤᠨ ᠢᠶᠡᠨ ᠴᠢᠭᠯᠡᠯ ᠬᠠᠨᠳᠤᠯᠭ᠎ᠠ ᠶᠢ ᠳᠠᠬᠢᠨ ᠳᠦᠰᠦᠪᠯᠡᠵᠤ ᠡᠬᠢᠯᠡᠪᠡ᠃ ᠳᠡᠬᠡᠬᠡᠳ᠂ ᠮᠤᠩᠭᠤᠯ ᠬᠤᠪᠴᠠᠰᠤ ᠵᠠᠰᠠᠯ ᠤᠨ ᠰᠢᠨ᠎ᠡ ᠵᠠᠬᠪᠤᠷ ᠲᠦᠰᠦᠪᠯᠡᠵᠤ᠂ ᠦᠨᠳᠦᠰᠦᠲᠡᠨ ᠤ ᠬᠤᠪᠴᠠᠰᠤ ᠵᠠᠰᠠᠯ ᠢᠶᠡᠨ ᠨᠡᠩ ᠤᠯᠠᠨ ᠬᠦᠮᠦᠨ ᠳᠦ ᠲᠠᠨᠢᠭᠤᠯᠵᠦ᠂ ᠦᠪᠡᠷ ᠤᠨ ᠳᠤᠷᠠᠲᠠᠢ ᠪᠠᠬᠠᠲᠠᠢ ᠠᠵᠢᠯ ᠢᠶᠡᠨ ᠬᠢᠶ᠎ᠡ ᠭᠡᠰᠡᠨ ᠠᠩᠬᠠᠨ ᠤ ᠬᠦᠰᠡᠯᠡᠩ ᠳᠤ ᠪᠡᠨ ᠬᠦᠳᠦᠯᠦᠭᠳᠡᠵᠤ᠂ ᠦᠪᠦᠷ ᠮᠤᠩᠭᠤᠯ ᠤᠨ ᠳᠦᠪ ᠬᠦᠬᠡᠬᠤᠳᠠ ᠳᠤ ᠪᠠᠨ ᠪᠤᠴᠠᠵᠤ᠂ ᠠᠳᠠᠯ ᠦᠢᠯᠡᠰ ᠪᠤᠰᠬᠠᠬᠤ ᠪᠡᠷ ᠰᠢᠭᠤᠳᠴᠠᠢ᠃

    ᠨᠤᠲᠤᠭ ᠪᠤᠴᠠᠭᠰᠠᠨ ᠤ ᠳᠠᠷᠠᠭ᠎ᠠ ᠦᠷᠴᠠᠶᠢᠬᠤ ᠮᠤᠩᠭᠤᠯ ᠤᠯᠤᠰ ᠤᠨ ᠬᠤᠪᠴᠠᠰᠤ ᠵᠠᠭᠪᠤᠷ ᠤᠨ ᠮᠡᠷᠬᠡᠵᠢᠯ ᠤᠨ ᠪᠠᠭᠰᠢ ᠳᠤ ᠭᠠᠷ ᠤᠨ ᠱᠠᠪᠢ ᠤᠷᠤᠵᠤ᠂ ᠰᠤᠷᠤᠭᠰᠠᠨ ᠤᠨᠤᠯ ᠢᠶᠡᠨ ᠦᠢᠯᠡᠳᠦᠯᠬᠡᠵᠢᠬᠦᠯᠬᠦ ᠶᠢᠨ ᠵᠡᠷᠬᠡᠴᠡᠬᠡ ᠮᠡᠷᠬᠡᠵᠢᠯ ᠢᠶᠡᠨ ᠳᠡᠬᠡᠭᠰᠢᠯᠡᠬᠦᠯᠵᠤ ᠡᠬᠢᠯᠡᠪᠡ᠃ ᠠᠩᠬ᠎ᠠ ᠡᠬᠢᠯᠡᠬᠡᠳ ᠭᠠᠭᠴᠠ ᠤᠶᠤᠳᠠᠯ ᠤᠨ ᠮᠠᠰᠢᠨ ᠬᠤᠳᠠᠯᠳᠤᠨ ᠠᠪᠴᠦ᠂ ᠬᠡᠷᠡᠯ ᠵᠢᠷᠤᠭ ᠤᠨ ᠮᠡᠷᠬᠡᠵᠢᠯ ᠲᠠᠢ ᠨᠢᠬᠡᠨ ᠨᠠᠶᠢᠵᠠ ᠲᠠᠢ ᠪᠠᠨ ᠬᠠᠮᠳᠤᠷᠠᠨ ᠭᠡᠷ ᠳᠦᠷᠢᠶᠡᠰᠦᠯᠡᠬᠡᠳ ᠠᠵᠢᠯ ᠤᠨ ᠦᠷᠦᠭᠡ ᠪᠡᠨ ᠨᠡᠬᠡᠬᠡᠵᠡᠢ᠃ ᠦᠷᠯᠦᠬᠡ ᠦᠳᠡᠰᠢ ᠶᠢᠨ ᠨᠠᠷᠠ ᠲᠠᠢ ᠤᠷᠤᠯᠳᠤᠨ ᠪᠠᠶᠢᠵᠤ ᠵᠢᠷᠤᠵᠤ ᠳᠦᠰᠦᠪᠯᠡᠭᠰᠡᠨ ᠵᠠᠭᠪᠤᠷ ᠢᠶᠡᠨ ᠨᠠᠷᠢᠨ ᠡᠰᠬᠡᠵᠤ᠂ ᠤᠶᠤᠳᠠᠯ ᠤᠨ ᠭᠠᠭᠴᠠ ᠮᠠᠰᠢᠨ ᠢᠶᠡᠷ ᠢᠶᠡᠨ ᠤᠷᠠᠯᠠᠵᠤ ᠭᠠᠷᠭᠠᠭᠰᠠᠭᠠᠷ᠂ ᠨᠢᠬᠡ ᠮᠡᠳᠡᠬᠦ ᠳᠤ ᠠᠵᠢᠯ ᠤᠨ ᠦᠷᠦᠬᠡᠨ ᠤ ᠬᠢᠨᠢ ᠴᠠᠯᠠᠠᠭᠠᠢ ᠴᠠᠭᠠᠨ ᠬᠠᠶᠠᠭᠠᠨ ᠳᠤ ᠦᠩᠬᠡ ᠶᠢᠨ ᠰᠤᠯᠤᠩᠭ᠎ᠠ ᠮᠢᠷᠠᠯᠵᠠᠵᠠᠢ᠃ ᠵᠢᠷᠤᠭ ᠰᠡᠬᠦᠳᠡᠷ ᠠᠪᠬᠠᠭᠤᠯᠬᠤ ᠬᠡᠵᠤ ᠡᠨᠳᠡ ᠰᠠᠭᠠᠳᠠᠭᠰᠠᠨ ᠬᠦᠮᠦᠰ ᠳᠡᠬᠦᠨ ᠤ ᠤᠷᠠᠯᠠᠭᠰᠠᠨ ᠵᠠᠭᠪᠤᠷ ᠲᠤ ᠡᠷᠬᠡ ᠦᠬᠡᠢ ᠳᠠᠳᠠᠭᠳᠠᠬᠤ ᠪᠤᠯᠵᠤ᠂ ᠳᠡᠬᠦᠨ ᠢ ᠳᠤᠰᠬᠠᠶᠢᠯᠠᠨ ᠡᠷᠢᠵᠤ ᠪᠡᠶ᠎ᠡ ᠳᠤ ᠪᠡᠨ ᠳᠤᠬᠢᠷᠠᠭᠰᠠᠨ ᠦᠨᠳᠦᠰᠦᠳᠡᠨ ᠤ ᠬᠤᠪᠴᠠᠰᠤ ᠵᠠᠰᠠᠯ ᠬᠢᠯᠬᠡᠳᠡᠭ ᠬᠦᠮᠦᠰ ᠠᠭᠠᠵᠢᠮ ᠢᠶᠡᠷ ᠤᠯᠠᠰᠢᠷᠠᠪᠠ᠃ ᠢᠩᠬᠢᠬᠡᠳ 2015 ᠤᠨ ᠤ 8 ᠰᠠᠷ᠎ᠠ ᠳᠦ ᠠᠩᠬᠠᠨ ᠤ ᠳᠡᠯᠭᠡᠭᠦᠷ ᠢᠶᠡᠨ ᠠᠰᠢᠭᠯᠠᠯᠳᠠ ᠳᠤ ᠤᠷᠤᠭᠤᠯᠵᠠᠢ᠃

ᠦᠷᠴᠠᠶᠢᠬᠤ ᠶᠢᠨ ᠤᠷᠠᠯᠠᠭᠰᠠᠨ ᠵᠠᠭᠪᠤᠷ 

    《ᠠᠳᠠᠯ ᠦᠢᠯᠡᠰ ᠪᠤᠰᠬᠠᠨ᠎ᠠ ᠬᠡᠳᠡᠭ ᠬᠢᠯᠪᠠᠷ ᠪᠢᠰᠢ᠂ ᠤᠯᠠᠨ ᠨᠤᠭᠤᠷᠠᠯ ᠪᠦᠳᠦᠷᠢᠯ ᠳᠤ ᠤᠴᠠᠷᠠᠭᠰᠠᠨ᠂ ᠬᠠᠭᠠᠰ ᠳᠤᠮᠳᠠ ᠡᠴᠡ ᠨᠢ ᠬᠠᠶᠠᠴᠢᠬᠠᠶ᠎ᠠ ᠬᠡᠰᠡᠨ ᠪᠤᠳᠤᠯ ᠴᠦ ᠤᠷᠤᠵᠦ ᠦᠩᠬᠡᠷᠡᠭᠰᠡᠨ᠃ ᠶᠠᠭᠠᠬᠢᠭᠠᠳ ᠬᠡᠬᠦᠯᠡᠷ ᠡᠨᠡᠬᠦ ᠵᠠᠬ᠎ᠠ ᠵᠡᠬᠡᠯᠢ ᠶᠢᠨ ᠦᠷᠢᠰᠦᠯᠳᠦᠬᠡᠨ ᠮᠠᠰᠢ ᠶᠡᠬᠡ᠂ ᠦᠪᠡᠷ ᠤᠨ ᠴᠢᠨᠢ ᠤᠷᠠᠯᠠᠭᠰᠠᠨ ᠵᠠᠭᠪᠤᠷ ᠢ ᠬᠡᠨ ᠨᠢᠬᠡ ᠨᠢ ᠤᠷᠤᠵᠤ ᠢᠷᠡᠬᠡᠳ ᠭᠠᠷ ᠤᠳᠠᠰᠤ ᠪᠡᠷ ᠢᠶᠡᠨ ᠵᠢᠷᠤᠭᠯᠠᠵᠤ ᠠᠪᠴᠢᠬᠠᠭᠠᠳ ᠦᠬᠡᠷ᠎ᠡ ᠤᠶᠤᠳᠠᠯ ᠤᠨ ᠭᠠᠵᠠᠷ ᠬᠢᠮᠳᠠ ᠳᠤᠷᠭ᠎ᠠ ᠪᠡᠷ ᠬᠢᠮᠳᠠᠬᠠᠨ ᠦᠨ᠎ᠡ ᠪᠡᠷ ᠬᠢᠯᠬᠡᠬᠡᠳ ᠡᠮᠦᠰᠴᠢᠬᠡᠨ᠎ᠡ᠃ ᠦᠪᠡᠷ ᠢᠶᠡᠨ ᠤᠶᠤᠳᠠᠯ ᠤᠨ ᠭᠠᠵᠠᠷ ᠨᠡᠬᠡᠬᠡᠵᠤ ᠪᠠᠶᠢᠭ᠎ᠠ ᠨᠢᠬᠡ ᠨᠢ ᠴᠤ ᠤᠷᠤᠵᠤ ᠢᠷᠡᠬᠡᠳ ᠨᠢᠬᠡ ᠵᠠᠭᠪᠤᠷ ᠢ ᠮᠦᠨ ᠦᠨ᠎ᠡ ᠪᠡᠷ ᠬᠤᠳᠠᠯᠳᠤᠵᠤ ᠠᠪᠬᠤ ᠪᠤᠶᠤ ᠰᠢᠭᠤᠳ ᠵᠢᠷᠤᠭ ᠢ ᠨᠢ ᠠᠪᠤᠭᠠᠳ ᠦᠪᠡᠷ ᠤᠨ ᠳᠡᠯᠬᠡᠬᠦᠷ ᠲᠤ ᠪᠡᠨ ᠳᠠᠯᠪᠢᠴᠢᠬᠠᠨ᠎ᠠ᠂ ᠳᠡᠬᠡᠬᠡᠳ ᠯᠡ ᠬᠢᠭᠰᠡᠨ ᠡᠳ᠋ ᠡᠴᠡ ᠪᠡᠨ ᠪᠤᠯᠤᠭᠠᠳ ᠳᠤᠤᠷ᠎ᠠ ᠦᠨ᠎ᠡ ᠠᠪᠴᠢᠬᠠᠳᠠᠭ ᠪᠤᠯᠬᠤᠷ ᠮᠢᠨᠤ ᠳᠡᠯᠬᠡᠬᠦᠷ ᠤᠨ ᠵᠤᠴᠢᠨ ᠴᠦᠬᠡᠷᠡᠬᠡᠳ ᠢᠷᠡᠳᠡᠭ ᠪᠠᠶᠢᠯ᠎ᠠ᠃ ᠰᠠᠶ᠊ᠢ ᠶᠡᠬᠡ ᠰᠤᠷᠭᠠᠭᠤᠯᠢ ᠲᠡᠭᠦᠰᠦᠭᠰᠡᠨ ᠨᠠᠳᠠ ᠰᠢᠬ ᠤᠶᠤᠳᠠᠠ ᠤ ᠬᠤᠪᠢ ᠳᠤ᠂ ᠨᠡᠶᠢᠬᠡᠮ ᠳᠤ ᠬᠦᠯ ᠳᠠᠯᠪᠢᠩᠭᠤᠳᠠ ᠵᠠᠬ᠎ᠠ ᠵᠡᠬᠡᠯᠢ ᠶᠢᠨ ᠰᠢᠷᠦᠬᠦᠨ ᠤᠷᠤᠰᠬᠠᠯ ᠳᠤ ᠬᠤᠮᠢᠭᠳᠠᠴᠢᠬᠠᠨ᠎ᠠ ᠬᠡᠳᠡᠭ ᠬᠡᠴᠡᠬᠦᠦ᠃ ᠤᠨᠴᠠᠭᠠᠶᠢᠯᠠᠨ ᠪᠡᠯᠡ ᠮᠦᠩᠭᠦ ᠶᠢᠨ ᠲᠠᠯ᠎ᠠ ᠪᠡᠷ ᠠᠪᠤ ᠡᠵᠢ ᠪᠡᠷ ᠢᠶᠡᠨ ᠳᠡᠮᠵᠢᠬᠦᠯᠵᠤ᠂ ᠠᠨᠳᠠ ᠨᠠᠶᠢᠵᠠ ᠡᠴᠡ ᠪᠡᠨ ᠵᠢᠬᠡᠯᠡᠭᠰᠡᠨ ᠪᠤᠯᠬᠤᠷ ᠵᠤᠷᠢᠭᠯᠠᠭᠠᠳ ᠤᠷᠤᠭᠰᠢ ᠠᠯᠬᠤᠬᠤ ᠯᠡ ᠬᠡᠷᠡᠭᠳᠡᠢ ᠪᠠᠶᠢᠬᠰᠠᠨ》ᠭᠡᠵᠦ ᠦᠷᠴᠠᠶᠢᠬᠤ ᠶᠠᠷᠢᠯ᠎ᠠ᠃

    ᠡᠳ᠋ ᠤᠨ ᠵᠠᠰᠠᠭ ᠤᠨ ᠠᠰᠠᠭᠤᠳᠠᠯ ᠳᠡᠬᠦᠨ ᠳᠤ ᠨᠢᠬᠡ ᠬᠡᠮᠵᠢᠶᠡᠨ ᠤ ᠳᠠᠷᠤᠮᠳᠠ ᠦᠭᠴᠤ ᠪᠠᠶᠢᠭᠰᠠᠨ ᠪᠤᠯ᠂ ᠦᠪᠡᠷ ᠤᠨ ᠬᠡᠰᠡᠨ ᠡᠷᠢᠯ ᠬᠦᠰᠡᠯ ᠨᠢ ᠳᠡᠬᠦᠨ ᠳᠤ ᠤᠷᠤᠭᠰᠢ ᠳᠡᠮᠡᠤᠯᠡᠬᠦ ᠡᠷᠴᠢ ᠵᠤᠷᠢᠭ ᠬᠠᠶᠢᠷᠠᠯᠠᠳᠠᠭ ᠪᠠᠶᠢᠭᠰᠠᠨ ᠠᠵᠢ᠃ ᠳᠡᠷᠡᠪᠡᠷ ᠦᠨᠳᠦᠰᠦᠳᠡᠨ ᠤ ᠬᠤᠪᠴᠠᠰᠤ ᠵᠠᠰᠠᠯ ᠤᠨ ᠵᠠᠬ᠎ᠠ ᠵᠡᠬᠡᠯᠢ ᠳᠤ ᠤᠷᠤᠰᠢᠵᠤ ᠪᠠᠶᠢᠭ᠎ᠠ ᠵᠠᠷᠢᠮ ᠠᠰᠠᠭᠤᠳᠠᠯ ᠡᠴᠡ ᠪᠤᠯᠤᠭᠠᠳ ᠵᠤᠷᠢᠭ ᠮᠤᠬᠤᠭ᠎ᠠ ᠦᠬᠡᠢ᠂ ᠬᠠᠷᠢᠨ ᠦᠷᠬᠦᠯᠵᠢᠯᠡᠨ ᠭᠠᠷᠬᠤ ᠵᠠᠮ ᠬᠠᠶᠢᠵᠤ᠂ 2016 ᠤᠨ ᠳᠦ ᠦᠪᠡᠷ ᠤᠨ ᠢᠶᠡᠨ ᠨᠡᠷ᠎ᠡ ᠪᠡᠷ《ᠦᠷᠴᠠᠶᠢᠬᠤ》ᠬᠡᠮᠡᠬᠦ ᠪᠷᠧᠨ᠋ᠳ᠋ ᠳᠠᠩᠰᠠᠯᠠᠭᠤᠯᠤᠨ ᠱᠤᠰᠢᠭ᠎ᠠ ᠬᠠᠳᠠᠵᠤ ᠪᠤᠷᠤᠯᠠᠭᠤᠯᠬᠤ ᠪᠤᠯᠪᠠ᠃ ᠡᠨᠡ ᠨᠢ ᠦᠨᠳᠦᠰᠦᠳᠡᠨ ᠤ ᠬᠤᠪᠴᠠᠰᠤ ᠵᠠᠭᠪᠤᠷ ᠤᠨ ᠵᠠᠬ᠎ᠠ ᠵᠡᠬᠡᠯᠢ ᠶᠢᠨ ᠴᠡᠭᠴᠡᠯᠡᠯᠳᠡ ᠳᠤ ᠳᠠᠭᠠᠭᠤᠯᠤᠭᠴᠢ ᠪᠤᠯᠵᠤ᠂ ᠨᠢᠬᠡᠨ ᠮᠦᠷᠦᠨ ᠤ ᠬᠦᠴᠦᠨ ᠨᠡᠮᠡᠷᠢᠯᠡᠨ᠎ᠡ ᠬᠡᠰᠡᠨ ᠳᠡᠬᠦᠨ ᠤ ᠪᠤᠳᠤᠯ ᠪᠠᠶᠢᠯ᠎ᠠ᠃ ᠮᠦᠨ ᠵᠢᠯ ᠳᠦ ᠪᠠᠨ ᠦᠷᠴᠠᠶᠢᠬᠤ ᠬᠦᠬᠡᠬᠤᠳᠠ ᠶᠢᠨ ᠰᠢᠨᠬᠤᠧᠠ ᠵᠡᠬᠡᠯᠢ ᠳᠡᠬᠡᠷ᠎ᠡ ᠰᠢᠨᠡᠬᠡᠨ ᠨᠡᠬᠡᠬᠡᠭᠳᠡᠭᠰᠡᠨ《ᠮᠤᠩᠭᠤᠯ ᠬᠤᠲᠠ》 ᠬᠡᠮᠡᠬᠦ ᠬᠤᠳᠠᠯᠳᠤᠭᠠᠨ ᠤ ᠭᠠᠵᠠᠷ ᠲᠤ ᠬᠤᠶᠠᠳᠡᠬᠢ ᠳᠡᠯᠭᠡᠭᠦᠷ ᠢᠶᠡᠨ ᠨᠡᠬᠡᠬᠡᠵᠡᠢ᠃

ᠦᠷᠴᠠᠶᠢᠬᠤ ᠶᠢᠨ ᠪᠦᠷᠢᠳᠬᠡᠬᠦᠯᠦᠭᠰᠡᠨ ᠪᠷᠧᠨ᠋ᠳ᠋ ᠤᠨ ᠳᠡᠮᠳᠡᠭ

    ᠦᠢᠯᠡᠰ ᠪᠤᠰᠬᠠᠭᠰᠠᠨ ᠤᠴᠠᠷᠠᠯ ᠳᠤᠬᠢᠶᠠᠯᠳᠤᠯ ᠢᠶᠡᠨ ᠶᠠᠷᠢᠬᠤ ᠳᠤ ᠪᠠᠨ ᠲᠡᠷᠡ ᠪᠠᠰᠠ᠄《ᠤᠶᠤᠳᠠᠯ ᠤᠨ ᠭᠠᠵᠠᠷ ᠲᠤ ᠤᠳᠤᠬᠠᠨ ᠳᠦ ᠪᠠᠨ 10 ᠠᠵᠢᠯᠲᠠᠨ ᠲᠠᠢ᠂ ᠤᠶᠤᠳᠠᠯᠴᠢᠨ ᠤᠯᠬᠤ ᠳᠤ ᠬᠡᠴᠡᠬᠦᠦ᠂ ᠳᠤᠷ᠎ᠠ ᠪᠠᠬ᠎ᠠ ᠲᠠᠢ ᠨᠢᠬᠡᠨ ᠢ ᠨᠢ ᠬᠦᠯᠦᠰᠦ ᠮᠦᠩᠭᠦ ᠦᠭᠴᠦ ᠪᠠᠶᠢᠭᠠᠳ ᠰᠤᠷᠭᠠᠵᠤ ᠤᠶᠤᠭᠤᠯᠵᠤ ᠪᠠᠶᠢᠨ᠎ᠠ᠃ ᠳᠡᠬᠡᠬᠦ ᠳᠤ ᠪᠡᠨ ᠪᠦᠬᠦ ᠵᠠᠬᠪᠤᠷ ᠢ ᠪᠢ ᠦᠪᠡᠷ ᠢᠶᠡᠨ ᠲᠦᠰᠦᠪᠯᠡᠳᠡᠭ᠃ ᠤᠳᠤᠬᠠᠨ ᠳᠤ᠂ ᠬᠤᠳᠠ ᠶᠢᠨ ᠮᠤᠩᠭᠤᠯᠴᠤᠳ ᠳᠡᠳᠦᠢ ᠦᠬᠡᠢ᠂ ᠪᠤᠰᠤᠳ ᠦᠨᠳᠦᠰᠦᠳᠡᠨ ᠤ ᠠᠬ᠎ᠠ ᠳᠡᠬᠦᠦ ᠨᠠᠷ ᠴᠤ ᠦᠨᠳᠦᠰᠦᠳᠡᠨ ᠤ ᠬᠤᠪᠴᠠᠰᠤ ᠵᠠᠰᠠᠯ ᠳᠤ ᠤᠯᠠᠮ ᠢᠶᠡᠷ ᠰᠤᠨᠢᠷᠬᠠᠯ ᠲᠠᠢ ᠪᠤᠯᠵᠤ᠂ ᠪᠠᠶᠠᠷ ᠳᠤᠷᠠᠰᠬᠠᠯ ᠤᠨ ᠡᠳᠦᠷ ᠡᠬᠦᠨ ᠢᠶᠡᠷ ᠭᠤᠶᠤᠯᠠᠬᠤ ᠪᠤᠶᠤ ᠡᠳᠦᠷ ᠳᠤᠳᠤᠮ ᠤᠨ ᠡᠮᠦᠰᠬᠡᠯ ᠵᠠᠰᠠᠯ ᠢᠶᠡᠨ ᠪᠤᠯᠭᠠᠵᠤ ᠪᠤᠢ᠃ ᠤᠳᠤᠬᠠᠨ ᠳᠤ ᠪᠡᠨ ᠬᠦᠬᠡᠨᠠᠭᠤᠷ᠂ ᠰᠢᠨᠵᠢᠶᠠᠩ ᠵᠡᠷᠬᠡ ᠭᠠᠵᠠᠷ ᠤᠨ ᠵᠢᠭᠤᠯᠴᠢᠳ ᠬᠤᠪᠴᠠᠰᠤ ᠠᠪᠤᠭᠠᠳ ᠶᠠᠪᠤᠳᠠᠭ ᠪᠤᠯᠵᠤ ᠳᠡᠬᠦᠨ ᠢ ᠨᠢ ᠳᠠᠭᠠᠯᠳᠤᠨ ᠵᠠᠬᠢᠶᠠᠯᠭ᠎ᠠ ᠴᠤ ᠢᠷᠡᠳᠡᠭ ᠪᠤᠯᠤᠯ᠎ᠠ᠂ ᠤᠷᠤᠯᠭ᠎ᠠ  ᠴᠦ ᠨᠡᠯᠢᠶᠡᠳ ᠰᠠᠶᠢᠨ ᠪᠤᠯᠵᠤ ᠪᠠᠶᠢᠨ᠎ᠠ》ᠭᠡᠵᠦ ᠪᠠᠶᠠᠷ ᠲᠠᠢ ᠶᠠᠷᠢᠯ᠎ᠠ᠃

    ᠬᠤᠵᠢᠮ ᠤᠨ ᠳᠦᠰᠦᠪ ᠲᠦᠯᠦᠪᠯᠡᠭᠡᠨ ᠤ ᠪᠡᠨ ᠲᠤᠬᠠᠢ ᠦᠷᠴᠠᠶᠢᠬᠤ᠄《ᠡᠳᠦᠷ ᠳᠤᠳᠤᠮ ᠤᠨ ᠡᠮᠦᠰᠬᠡᠯ ᠵᠠᠰᠠᠯ ᠤᠨ ᠬᠤᠪᠴᠠᠰᠤ ᠶᠢ ᠴᠠᠬᠢᠮ ᠬᠤᠳᠠᠯᠳᠤᠭᠠᠨ ᠳᠤ ᠭᠠᠷᠭᠠᠨ᠎ᠠ᠃ ᠳᠠᠬᠢᠪᠠᠯ ᠬᠤᠷᠢᠮ ᠤᠨ ᠬᠤᠪᠴᠠᠰᠤᠨ ᠤ ᠵᠠᠭᠪᠤᠷ ᠬᠢᠬᠦ ᠳᠠᠯ᠎ᠠ ᠳᠤ ᠳᠦᠯᠬᠢᠬᠦᠦ ᠬᠦᠴᠦᠯᠡᠵᠤ᠂ ᠨᠡᠩ ᠤᠯᠠᠨ ᠰᠢᠨ᠎ᠡ ᠰᠠᠶᠢᠬᠠᠨ ᠵᠠᠬᠪᠤᠷ ᠬᠢᠨ᠎ᠠ᠃ ᠮᠤᠩᠭᠤᠯ ᠬᠤᠪᠴᠠᠰᠤ ᠪᠠᠨ ᠨᠡᠩ ᠤᠯᠠᠨ ᠬᠦᠮᠦᠨ ᠳᠦ ᠡᠮᠦᠰᠭᠡᠵᠦ᠂ ᠦᠨᠳᠦᠰᠦᠲᠡᠨ ᠤ ᠦᠪ ᠰᠤᠶᠤᠯ ᠢᠶᠡᠨ ᠤᠯᠠᠮᠵᠢᠯᠠᠨ ᠬᠦᠭᠵᠢᠭᠦᠯᠦᠶ᠎ᠡ ᠭᠡᠵᠦ ᠪᠤᠳᠤᠵᠦ ᠪᠠᠶᠢᠨ᠎ᠠ》ᠭᠡᠵᠦ ᠶᠠᠷᠢᠯ᠎ᠠ᠃

ᠦᠷᠴᠠᠶᠢᠬᠤ ᠳᠡᠯᠬᠡᠬᠦᠷ ᠲᠤ ᠪᠡᠨ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
关闭
010070230030000000000000011120701121026289