ᠬᠡᠤᠬᠡᠳ ᠤᠨ ᠯᠡ ᠳᠦᠯᠦᠬᠡ ᠪᠤᠳᠠᠯᠠᠭᠰᠠᠨ ᠰᠤᠷᠭᠤᠭ ᠴᠡᠴᠡᠭ -《ᠦᠪᠦᠷ ᠮᠤᠩᠭᠤᠯ ᠤᠨ ᠪᠠᠭᠠᠴᠤᠳ ᠤᠨ ᠰᠤᠨᠢᠨ》 2017-05-31 17:03

    ᠰᠢᠨᠬᠤᠧᠠ ᠮᠤᠩᠭᠤᠯ ᠨᠧᠲ  ᠬᠦᠬᠡᠬᠤᠲᠠ ᠶᠢᠨ 5 ᠰᠠᠷ᠎ᠠ ᠶᠢᠨ 31 ᠤ ᠡᠲᠦᠷ ᠤᠨ ᠴᠠᠬᠢᠯᠭᠠᠨ ᠮᠡᠲᠡᠭᠡ ( ᠬ·ᠦᠵᠡᠰᠭᠦᠯᠡᠩ᠂ ᠬᠡᠦᠬᠡᠨᠰᠤᠯᠢ ) 《ᠬᠡᠦᠬᠡᠳ ᠤᠨ ᠲᠦᠯᠦᠭᠡ ᠦᠭᠡ ᠶᠠᠷᠢᠵᠤ᠂ ᠬᠡᠦᠬᠡᠳ ᠢ ᠶᠠᠷᠢᠭᠤᠯᠵᠤ᠂ ᠬᠡᠦᠬᠡᠳ ᠤᠨ ᠦᠭᠡ  ᠶᠢ ᠶᠠᠷᠢᠬᠤ》 ᠪᠡᠷ ᠵᠠᠷᠴᠢᠮ ᠪᠤᠯᠭᠠᠭᠰᠠᠨ 《ᠦᠪᠦᠷ ᠮᠤᠩᠭᠤᠯ ᠤᠨ ᠪᠠᠭᠠᠴᠤᠳ ᠤᠨ ᠰᠤᠨᠢᠨ》 ᠪᠤᠯ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠪᠠᠭᠠᠴᠤᠳ ᠬᠡᠦᠬᠡᠳ ᠤᠨ ᠲᠦᠷᠦᠯ ᠤᠨ ᠲᠤᠰᠬᠠᠢ ᠰᠤᠨᠢᠨ ᠪᠤᠯᠤᠨ᠎ᠠ᠃ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 50 ᠵᠢᠯ ᠤᠨ ᠤᠢ ᠪᠡᠷ ᠮᠡᠨᠳᠦᠯᠡᠭᠰᠡᠨ ᠡᠨᠡᠬᠦ ᠰᠤᠨᠢᠨ ᠤᠯᠤᠰ ᠲᠠᠶᠠᠭᠠᠷ ᠤᠨ ᠮᠤᠩᠭᠤᠯ ᠬᠡᠤᠬᠡᠳ ᠪᠠᠭᠠᠴᠤᠳ ᠤᠨ ᠰᠡᠳᠬᠢᠯ ᠤᠨ ᠬᠠᠨᠢ ᠪᠤᠯᠤᠭᠰᠠᠭᠠᠷ ᠤᠳᠤ ᠨᠢᠬᠡᠨᠳᠡ 20 ᠵᠢᠯ ᠢᠶᠡᠨ ᠤᠭᠳᠤᠵᠠᠢ᠃

    《ᠰᠤᠨᠢᠨ ᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ ᠤᠨ ᠵᠦᠪᠰᠢᠶᠡᠷᠡᠯ ᠲᠠᠢ ᠪᠡᠷ 2012 ᠤᠨ ᠤ 1 ᠰᠠᠷ᠎ᠠ ᠶᠢᠨ 1 ᠤ ᠡᠲᠦᠷ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠡᠴᠡ ᠦᠪᠦᠷ ᠮᠤᠩᠭᠤᠯ ᠤᠨ ᠡᠲᠦᠷ ᠤᠨ ᠰᠤᠨᠢᠨ ᠳᠤ ᠰᠢᠯᠵᠢᠬᠦᠯᠦᠨ ᠡᠷᠬᠢᠯᠡᠬᠦᠯᠦᠭᠰᠡᠨ ᠤ ᠳᠠᠷᠠᠭ᠎ᠠ ᠮᠠᠨ ᠤ ᠬᠢᠨ ᠲᠡᠭᠡᠳᠦ ᠬᠡᠮᠵᠢᠶ᠎ᠠ ᠪᠡᠷ ᠴᠢᠬᠤᠯᠠᠴᠢᠯᠠᠨ ᠦᠵᠡᠵᠦ᠂ ᠰᠤᠨᠢᠨ ᠡᠷᠬᠢᠯᠡᠬᠦ ᠴᠢᠭᠯᠡᠯᠲᠡ᠂ ᠰᠡᠳᠬᠢᠴᠡ ᠳ᠋ᠤ ᠦᠭᠡᠷᠡᠴᠢᠯᠡᠯᠲᠡ ᠬᠢᠵᠦ ᠲᠠᠬᠢᠨ ᠪᠠᠶᠢᠷᠢᠯᠠᠭᠤᠯᠤᠯ᠎ᠠ᠃ ᠤᠤᠯ ᠳ᠋ᠠᠭᠠᠨ ᠪᠠᠭ᠎ᠠ ᠰᠤᠷᠭᠠᠭᠤᠯᠢ ᠶᠢᠨ ᠬᠡᠪᠯᠡᠯ᠂ ᠲᠤᠮᠲᠠᠲᠤ ᠰᠤᠷᠭᠠᠭᠤᠯᠢ ᠶᠢᠨ ᠬᠡᠪᠯᠡᠯ ᠭᠡᠵᠦ ᠳᠤᠰ ᠪᠦᠷᠢ 8 ᠪᠤᠳᠤᠭᠳᠤ ᠨᠢᠭᠤᠷ ᠢᠶᠡᠷ ᠭᠠᠷᠠᠭ ᠲᠤ ᠨᠢᠬᠡ ᠬᠤᠪᠢ ᠬᠡᠪᠯᠡᠬᠦᠯᠳᠡᠭ ᠪᠠᠶᠢᠭᠰᠠᠨ ᠪᠤᠯ ᠰᠡᠬᠦᠯ ᠤᠨ ᠦᠶ᠎ᠠ ᠳ᠋ᠤ ᠲᠤᠬᠢᠷᠠᠭᠤᠯᠤᠯᠲᠠ ᠬᠢᠵᠤ ᠭᠠᠷᠠᠭ ᠲᠤ ᠨᠢᠭᠡ ᠬᠤᠭᠤᠴᠠᠭ᠎ᠠ᠂ ᠬᠤᠭᠤᠴᠠᠭ᠎ᠠ ᠪᠦᠷᠢ 12 ᠨᠢᠭᠤᠷ ᠢᠶᠡᠷ ᠮᠦᠨ ᠪᠤᠲᠤᠭᠲᠤ ᠬᠡᠪᠯᠡᠯ ᠢᠶᠡᠷ ᠬᠢᠳᠡᠭ ᠪᠤᠯᠤᠭᠰᠠᠨ᠃ ᠪᠠᠰᠠ ᠬᠡᠦᠬᠡᠳ ᠪᠠᠭᠠᠴᠤᠳ ᠤᠨ ᠡᠪᠦᠯ ᠵᠤᠨ ᠤ ᠠᠮᠠᠷᠠᠯᠲᠠ ᠪᠡᠷ ᠢᠶᠡᠨ ᠤᠩᠰᠢᠬᠤ ᠳᠤ ᠨᠢ ᠵᠤᠷᠢᠭᠤᠯᠤᠨ〈ᠡᠪᠦᠯ ᠤᠨ ᠠᠮᠠᠷᠠᠯᠲᠠ ᠶᠢᠨ ᠤᠨᠴᠠ ᠬᠡᠪᠯᠡᠯ〉 ᠪᠠ〈ᠵᠤᠨ ᠤ ᠠᠮᠠᠷᠠᠯᠲᠠ ᠶᠢᠨ ᠤᠨᠴᠠ ᠬᠡᠪᠯᠡᠯ〉 ᠢ᠋ ᠨᠠᠶᠢᠷᠠᠭᠤᠯᠤᠨ ᠬᠡᠪᠯᠡᠬᠦᠯᠲᠡᠭ》 ᠬᠡᠵᠤ 《ᠦᠪᠦᠷ ᠮᠤᠩᠭᠤᠯ ᠤᠨ ᠪᠠᠭᠠᠴᠤᠳ ᠤᠨ ᠰᠤᠨᠢᠨ》 ᠤ ᠶᠡᠷᠦᠩᠬᠡᠶ ᠨᠠᠶᠢᠷᠠᠭᠤᠯᠤᠭᠴᠢ ᠪᠤᠤ ᠸᠧᠨ ᠰᠢᠤᠸᠠᠢ ᠰᠤᠷᠪᠤᠯᠵᠢᠯᠠᠭ᠎ᠠ ᠬᠦᠯᠢᠶᠡᠬᠦ ᠳᠤ ᠪᠡᠨ ᠳᠠᠨᠢᠯᠴᠠᠭᠤᠯᠤᠯ᠎ᠠ᠃ ᠬᠡᠤᠬᠡᠳ ᠤᠨ ᠰᠡᠳᠬᠢᠴᠡ ᠳᠤ ᠨᠡᠶᠢᠴᠡᠭᠰᠡᠨ ᠨᠢᠭᠤᠷ ᠬᠠᠭᠤᠳᠠᠰᠤᠨ ᠤ ᠬᠢᠨᠢ ᠤᠷᠠᠯᠠᠯ ᠡᠴᠡ ᠦᠵᠡᠬᠦ ᠳᠤ ᠳᠤᠰ ᠰᠤᠨᠢᠨ ᠮᠤᠩᠭᠤᠯ ᠬᠡᠦᠬᠡᠳ ᠪᠠᠭᠠᠴᠤᠳ ᠤᠨ ᠳᠤᠷ᠎ᠠ ᠰᠤᠨᠢᠷᠬᠠᠯ ᠪᠠ ᠠᠮᠢᠲᠤᠷᠠᠯ ᠰᠤᠷᠤᠯᠴᠠᠯᠭ᠎ᠠ ᠶᠢᠨ ᠪᠤᠲᠠᠲᠤ ᠪᠠᠶᠢᠲᠠᠯ ᠢ ᠤᠨᠴᠠ ᠬᠠᠷᠠᠭᠠᠯᠵᠠᠭᠰᠠᠨ ᠨᠢ ᠳᠤᠳᠤᠷᠬᠠᠢ᠃ ᠬᠦᠲᠡᠭᠡ ᠤᠷᠤᠨ ᠨᠤᠲᠤᠭ᠂ ᠲᠡᠯᠡᠬᠡᠢ ᠨᠡᠶᠢᠲᠡ ᠶᠢᠨ ᠮᠡᠲᠡᠭᠡ ᠮᠡᠲᠡᠭᠡᠯᠡᠯ᠂《ᠨᠠᠷᠠᠨ ᠲᠤᠭᠤᠨᠤ》᠂ 《ᠭᠠᠩᠭᠠᠩ ᠪᠠᠶᠢᠭᠠᠯᠢ》᠂ 《ᠴᠡᠩᠭᠡᠯ ᠤᠨ ᠤᠷᠲᠤᠨ》᠂ 《ᠡᠬᠡ ᠬᠡᠯᠡ》᠂ 《ᠦᠪ ᠰᠤᠶᠤᠯ》 ᠵᠡᠷᠭᠡ ᠲᠠᠪᠢ ᠭᠠᠷᠤᠢ ᠳᠤᠰᠬᠠᠢ ᠪᠤᠯᠤᠩ ᠤᠨ ᠠᠭᠤᠯᠭ᠎ᠠ ᠨᠢ ᠦᠨᠳᠦᠰᠦᠲᠡᠨ ᠤ ᠤᠨᠴᠠᠯᠢᠭ᠂ ᠮᠡᠲᠡᠯᠭᠡᠲᠦ ᠰᠢᠨᠵᠢ᠂ ᠤᠩᠰᠢᠪᠤᠷᠢᠲᠤ ᠰᠢᠨᠵᠢ ᠶᠢ ᠨᠢᠭᠡ ᠴᠤᠭᠴᠠᠵᠢᠭᠤᠯᠵᠤ ᠰᠤᠨᠢᠨ ᠤ ᠪᠠᠨ ᠨᠢᠭᠤᠷ ᠬᠠᠭᠤᠳᠠᠰᠤ ᠶᠢ ᠪᠠᠶᠠᠯᠢᠭᠵᠢᠭᠤᠯᠵᠠᠢ᠃ ᠬᠡᠯᠡ ᠬᠡᠯᠡᠯᠬᠡ ᠶᠢᠨ ᠬᠤᠪᠢ ᠳᠤ ᠬᠡᠦᠬᠡᠳ ᠤᠨ ᠰᠡᠳᠬᠢᠬᠦᠢ᠂ ᠬᠡᠦᠬᠡᠳ ᠤᠨ ᠦᠭᠡ ᠪᠡᠷ ᠡᠪᠯᠡᠬᠦᠬᠡᠨ ᠨᠠᠶᠢᠷᠠᠭᠤᠯᠤᠭᠰᠠᠨ ᠨᠢ ᠰᠤᠷᠪᠤᠯᠵᠢᠯᠠᠭᠴᠢ ᠨᠠᠶᠢᠷᠠᠭᠤᠯᠤᠭᠴᠢᠳ ᠤᠨ ᠬᠢᠨᠢ ᠬᠡᠪ ᠪᠤᠯᠪᠠᠰᠤᠷᠠᠯ ᠤᠨ ᠳᠤᠯᠢ ᠬᠡᠯᠳᠡᠢ᠃ ᠤᠨᠴᠠᠭᠠᠶᠢᠯᠠᠨ᠂ ᠬᠡᠦᠬᠡᠳ ᠪᠠᠭᠠᠴᠤᠳ ᠤᠨ ᠪᠠᠶ᠎ᠠ ᠰᠡᠳᠬᠢᠴᠡ ᠶᠢᠨ ᠡᠷᠡᠬᠦᠯ ᠮᠡᠨᠲᠦ ᠶᠢ ᠠᠩᠬᠠᠷᠤᠨ ᠬᠠᠯᠠᠮᠵᠢᠯᠠᠬᠤ ᠡᠬᠦᠳᠡᠨ ᠡᠴᠡ ᠨᠡᠬᠡᠬᠡᠭᠰᠡᠨ《ᠵᠤᠯᠠ ᠡᠭᠡᠴᠢ》ᠪᠤᠯᠤᠩ  ᠳᠤᠰ ᠰᠤᠨᠢᠨ ᠤ ᠪᠷᠧᠨ᠋ᠳ᠋ ᠪᠤᠯᠤᠩ ᠪᠤᠯᠤᠭᠰᠠᠨ ᠪᠠᠶᠢᠳᠠᠭ᠃ ᠠᠩᠬ᠎ᠠ ᠡᠬᠢᠯᠡᠬᠡᠳ ᠳᠤᠰ ᠪᠤᠯᠤᠩ ᠳᠤ ᠪᠡᠨ ᠨᠤᠳᠤᠭ ᠨᠤᠳᠤᠭ ᠤᠨ ᠠᠳᠠᠯᠢ ᠪᠤᠰᠤ ᠨᠠᠰᠤᠨ ᠤ ᠬᠡᠤᠬᠡᠳ ᠤᠳ ᠤᠨ ᠢᠷᠡᠬᠦᠯᠦᠭᠰᠡᠨ ᠵᠠᠬᠢᠳᠠᠯ  ᠳᠤ ᠬᠠᠷᠢᠭᠤ ᠦᠭᠴᠤ᠂ ᠪᠠᠰᠠ ᠳᠡᠳᠡᠨᠡᠷ ᠤᠨ ᠠᠮᠢᠳᠤᠷᠠᠯ ᠰᠤᠷᠤᠯᠴᠠᠯᠭ᠎ᠠ ᠶᠢᠨ ᠵᠠᠮ ᠳᠤ ᠳᠤᠬᠢᠶᠠᠯᠳᠤᠵᠤ ᠮᠡᠳᠡᠬᠦ ᠳᠦᠪᠡᠭ ᠪᠤᠳᠤᠯᠢᠶᠠᠨᠳᠠᠢ ᠠᠰᠠᠭᠤᠳᠠᠯ ᠤᠨ ᠳᠤᠭᠤᠷᠢᠨ ᠳᠤ ᠰᠢᠨᠵᠢᠯᠡᠬᠦ ᠤᠬᠠᠭᠠᠨᠴᠢ ᠵᠠᠳᠠᠯᠤᠯᠳᠠ ᠬᠢᠵᠤ ᠦᠭᠳᠡᠭ ᠪᠠᠶᠢᠭᠰᠠᠨ ᠪᠤᠯ᠂ ᠰᠡᠬᠦᠯ ᠤᠨ ᠦᠶ᠎ᠡ ᠳᠤ ᠨᠠᠶᠢᠷᠠᠭᠤᠯᠤᠭᠴᠢ ᠰᠤᠷᠪᠤᠯᠵᠢᠯᠠᠭᠴᠢ ᠪᠡᠨ ᠳᠤᠮᠢᠯᠠᠨ ᠰᠤᠷᠭᠠᠭᠤᠯᠢ ᠨᠤᠭᠤᠳ ᠢᠶᠡᠷ ᠬᠦᠷᠴᠤ ᠳᠤᠰᠬᠠᠢ ᠠᠵᠢᠯᠯᠠᠭ᠎ᠠ ᠵᠤᠬᠢᠶᠠᠨ ᠪᠠᠶᠢᠭᠤᠯᠤᠨ ᠭᠠᠵᠠᠷ ᠳᠡᠬᠡᠷ᠎ᠡ ᠨᠢ ᠳᠠᠶᠢᠯᠤᠮᠵᠢ ᠬᠢᠳᠡᠭ ᠪᠤᠯᠤᠭᠰᠠᠨ ᠡᠴᠡ ᠭᠠᠭᠴᠠ ᠪᠢᠴᠢᠬᠠᠨ ᠤᠩᠰᠢᠭᠴᠢᠳ ᠯᠡ ᠪᠢᠰᠢ᠂ ᠪᠠᠭᠰᠢ ᠨᠠᠷ ᠪᠤᠯᠤᠨ ᠬᠡᠷ ᠤᠨ ᠠᠬᠠᠮᠠᠳ ᠤᠨ ᠬᠠᠯᠠᠭᠤᠨ ᠬᠦᠷᠢᠶᠡᠯᠡᠯ ᠢ ᠴᠤ ᠤᠯᠤᠭᠰᠠᠨ ᠪᠠᠶᠢᠳᠠᠭ᠃

    《ᠦᠪᠦᠷ ᠮᠤᠩᠭᠤᠯ ᠤᠨ ᠪᠠᠭᠠᠴᠤᠳ ᠤᠨ ᠰᠤᠨᠢᠨ》ᠪᠠᠰᠠ ᠬᠡᠦᠬᠡᠳ ᠪᠠᠭᠠᠴᠤᠳ ᠢ ᠰᠤᠷᠪᠤᠯᠵᠢᠯᠠᠵᠤ ᠨᠠᠶᠢᠷᠠᠭᠤᠯᠬᠤ ᠠᠵᠢᠯ ᠳᠤ ᠪᠡᠶᠡᠴᠢᠯᠡᠨ ᠤᠷᠤᠯᠴᠠᠭᠤᠯᠵᠤ᠂ ᠳᠡᠳᠡᠨᠡᠷ ᠲᠠᠢ ᠪᠡᠨ ᠬᠠᠮᠤᠭ ᠤᠨ ᠤᠶᠢᠷ᠎ᠠ ᠪᠠᠶᠢᠬᠤ ᠶᠢᠨ ᠳᠦᠯᠦᠬᠡ ᠦᠪᠦᠷ ᠮᠤᠩᠭᠤᠯ ᠤᠨ 11 ᠠᠢᠢᠮᠠᠭ ᠬᠤᠳᠠ ᠶᠢᠨ 53 ᠬᠤᠰᠢᠭᠤᠨ(ᠲᠤᠭᠤᠷᠢᠭ) ᠤ 147 ᠲᠤᠮᠳᠠᠳᠤ ᠪᠠᠭ᠎ᠠ ᠰᠤᠷᠭᠠᠭᠤᠯᠢ ᠳ᠋ᠤ ᠠᠵᠢᠯᠯᠠᠬᠤ ᠦᠷᠳᠡᠭᠡ ᠪᠠ ᠰᠤᠷᠪᠤᠯᠵᠢᠯᠠᠬᠤ ᠰᠠᠭᠤᠷᠢᠨ ᠪᠠᠢᠢᠭᠤᠯᠵᠤ᠂ ᠪᠠᠰᠠ ᠨᠠᠶ᠋ᠮᠠᠨ ᠮᠤᠵᠢ ᠤᠷᠤᠨ ᠤ ᠬᠡᠪᠴᠢᠶᠡᠨ ᠤ ᠮᠤᠩᠭᠤᠯ ᠰᠤᠷᠭᠠᠭᠤᠯᠢ ᠨᠤᠭᠤᠳ ᠡᠴᠡ ᠤᠷᠢᠳ ᠬᠤᠵᠢᠳ 400 ᠭᠠᠷᠤᠢ ᠪᠢᠴᠢᠬᠠᠨ ᠰᠤᠷᠪᠤᠯᠵᠢᠯᠠᠭᠴᠢ ᠡᠯᠰᠡᠭᠰᠡᠨ ᠪᠠᠶᠢᠨ᠎ᠠ᠃ ᠶᠡᠷᠦ ᠶᠢᠨ ᠴᠠᠭ ᠲᠤ ᠰᠤᠨᠢᠨ ᠤ ᠬᠢᠨ ᠡᠳᠡᠬᠡᠷ ᠪᠢᠴᠢᠬᠠᠨ ᠰᠤᠷᠪᠤᠯᠵᠢᠯᠠᠭᠴᠢᠳ ᠢᠶᠡᠨ ᠵᠤᠬᠢᠶᠠᠨ ᠪᠠᠶᠢᠭᠤᠯᠵᠤ ᠳᠤᠰ ᠳᠤᠰ ᠤᠨ ᠬᠢᠨᠢ ᠰᠤᠷᠭᠠᠭᠤᠯᠢ ᠶᠢᠨ ᠬᠦᠷᠢᠶᠡᠨ ᠤ ᠰᠤᠨᠢᠨ ᠰᠠᠶᠢᠬᠠᠨ ᠮᠡᠳᠡᠬᠡ ᠶᠢ ᠪᠢᠴᠢᠬᠦᠯᠵᠤ ᠰᠤᠨᠢᠨ ᠳᠡᠬᠡᠷ᠎ᠡ ᠪᠡᠨ ᠨᠡᠶᠢᠳᠡᠯᠡᠳᠡᠭ ᠳᠡᠳᠦᠢ ᠦᠬᠡᠢ᠂ 《3·15》 ᠤ ᠬᠡᠷᠡᠭᠯᠡᠭᠴᠢᠳ ᠤᠨ ᠡᠷᠬᠡ ᠠᠰᠢᠭ ᠤᠨ ᠡᠳᠦᠷ ᠮᠡᠳᠦ ᠶᠢᠨ ᠤᠨᠴᠠᠭᠠᠢ ᠡᠳᠦᠷ ᠢ ᠳᠤᠬᠢᠶᠠᠯᠳᠤᠭᠤᠯᠤᠨ ᠳᠡᠳᠡᠨᠡᠷ ᠢ ᠬᠠᠮᠢᠶ᠎ᠠ ᠪᠦᠬᠦᠢ ᠪᠠᠶᠢᠭᠤᠯᠤᠯᠭ᠎ᠠ ᠶᠢᠨ ᠠᠪᠠᠭ᠎ᠠ ᠠᠨᠢᠶ᠎ᠠ ᠨᠠᠷ ᠢᠶᠡᠷ ᠨᠢ ᠳᠠᠭᠠᠭᠤᠯᠤᠭᠤᠯᠵᠤ ᠬᠤᠷᠰᠢᠶ᠎ᠠ ᠳᠡᠯᠬᠡᠬᠦᠷ ᠤᠨ ᠬᠠᠭᠤᠷᠮᠠᠭ ᠪᠠᠷᠠᠭ᠎ᠠ ᠳᠠᠧᠠᠷ ᠲᠤ ᠪᠠᠶᠢᠴᠠᠭᠠᠯᠳᠠ ᠬᠢᠯᠬᠡᠨ᠂ ᠮᠡᠳᠡᠬᠡ ᠪᠢᠴᠢᠬᠦᠯᠵᠤ ᠨᠡᠶᠢᠳᠡᠯᠡᠳᠡᠭ᠃ ᠤᠨᠴᠠᠭᠠᠶᠢᠯᠠᠨ ᠵᠢᠯ ᠪᠦᠷᠢ ᠶᠢᠨ ᠦᠪᠡᠷᠲᠡᠭᠡᠨ ᠵᠠᠰᠠᠬᠤ ᠤᠷᠤᠨ ᠤ《ᠬᠤᠶᠠᠷ ᠬᠤᠷᠠᠯ》 ᠤᠨ ᠦᠶ᠎ᠠ ᠪᠡᠷ ᠪᠢᠴᠢᠬᠠᠨ ᠰᠤᠷᠪᠤᠯᠵᠢᠯᠠᠭᠴᠢ ᠪᠡᠨ ᠭᠠᠵᠠᠷ ᠳᠡᠬᠡᠷ᠎ᠡ ᠨᠢ ᠳᠤᠮᠢᠯᠠᠨ ᠬᠤᠷᠠᠯ ᠤᠨ ᠳᠦᠯᠦᠬᠡᠯᠡᠭᠴᠢ ᠪᠠ ᠬᠡᠰᠢᠬᠦᠳ ᠢ ᠰᠤᠷᠪᠤᠯᠵᠢᠯᠠᠭᠤᠯᠵᠤ᠂《ᠪᠢᠴᠢᠬᠠᠨ ᠰᠤᠷᠪᠤᠯᠵᠢᠯᠠᠭᠴᠢ ᠬᠤᠶᠠᠷ ᠬᠤᠷᠠᠯ ᠢᠶᠡᠷ》ᠬᠡᠮᠡᠬᠦ ᠳᠤᠰᠬᠠᠢ ᠮᠡᠲᠡᠭᠡ ᠮᠡᠲᠡᠭᠡᠯᠡᠯ ᠰᠠᠴᠤᠬᠤ ᠪᠤᠯᠤᠭᠰᠠᠨ ᠶᠠᠪᠤᠳᠠᠯ ᠨᠢ ᠳᠤᠰ ᠰᠤᠨᠢᠨ ᠤ ᠨᠡᠷ᠎ᠡ ᠨᠦᠯᠦᠬᠡ ᠶᠢ ᠶᠡᠬᠡᠪᠡᠷ ᠦᠷᠬᠡᠳᠬᠡᠭᠰᠡᠨ ᠪᠢᠯᠡ᠃

    《ᠦᠪᠦᠷ ᠮᠤᠩᠭᠤᠯ ᠤᠨ ᠪᠠᠭᠠᠴᠤᠳ ᠤᠨ ᠰᠤᠨᠢᠨ》ᠡᠶᠢᠨᠬᠦ ᠰᠢᠨ᠎ᠡ ᠡᠬᠦᠳᠦᠯᠳᠡ ᠲᠠᠢ ᠰᠤᠨᠢᠷᠬᠠᠯᠳᠠᠢ ᠰᠠᠶᠢᠬᠠᠨ ᠠᠭᠤᠯᠭ᠎ᠠ ᠶᠢ ᠮᠤᠩᠭᠤᠯ ᠬᠡᠤᠬᠡᠳ ᠪᠭᠠᠠᠴᠤᠳ ᠤᠨ ᠢᠶᠡᠨ ᠭᠠᠷ ᠲᠤ ᠬᠦᠷᠬᠡᠬᠦ ᠶᠢᠨ ᠬᠠᠮᠳᠤ ᠰᠤᠨᠢᠨ ᠤᠩᠰᠢᠭᠰᠠᠨ ᠱᠠᠩᠨᠠᠯᠳᠤ ᠤᠷᠤᠯᠲᠤᠭᠠᠨ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠯ ᠤᠨ ᠤᠷᠤᠯᠳᠤᠭᠠᠨ᠂《ᠨᠤᠭᠤᠭᠠᠨ ᠳᠡᠯᠡᠬᠡᠢ·ᠨᠤᠭᠤᠭᠠᠨ ᠬᠦᠰᠡᠯ》ᠪᠠᠶᠢᠭᠠᠯᠢ ᠤᠷᠴᠢᠨ ᠢᠶᠡᠨ ᠬᠠᠮᠠᠭᠠᠯᠬᠤ ᠠᠵᠢᠯᠯᠠᠭ᠎ᠠ᠂ 《ᠰᠢᠨ᠎ᠡ ᠰᠡᠷᠡᠬᠦᠢ》 ᠦᠢᠯᠡᠳᠦᠯᠬᠡ ᠬᠦᠳᠡᠯᠮᠦᠷᠢ ᠳᠤ ᠤᠷᠤᠯᠴᠠᠬᠤ ᠠᠵᠢᠯᠯᠠᠭ᠎ᠠ᠂ ᠨᠤᠮ ᠤᠩᠰᠢᠬᠤ ᠰᠠᠷ᠎ᠠ ᠶᠢᠨ ᠠᠵᠢᠯᠯᠠᠭ᠎ᠠ ᠪᠡᠷ ᠨᠤᠮ ᠬᠦᠷᠭᠡᠬᠦ᠂ ᠰᠤᠷᠭᠠᠭᠤᠯᠢ ᠶᠢᠨ ᠬᠦᠷᠢᠶᠡᠨ ᠳᠤ ᠵᠠᠮ ᠬᠠᠷᠢᠯᠴᠠᠭᠠᠨ ᠤ ᠠᠶᠤᠯᠬᠦᠢ ᠶᠢᠨ ᠲᠤᠰᠬᠠᠢ ᠲᠠᠶᠢᠯᠤᠮᠵᠢ ᠬᠢᠬᠦ ᠵᠡᠷᠭᠡ ᠤᠯᠠᠨ ᠰᠠᠶᠢᠬᠠᠨ ᠠᠷᠭ᠎ᠠ ᠬᠡᠮᠵᠢᠶ᠎ᠠ ᠶᠢ ᠵᠢᠯ ᠪᠤᠯᠭᠠᠨ ᠵᠤᠬᠢᠶᠠᠨ ᠪᠠᠶᠢᠭᠤᠯᠵᠦ ᠪᠠᠶᠢᠳᠠᠭ᠃ ᠡᠭᠦᠨ ᠡᠴᠡ ᠭᠠᠳᠠᠨ᠎ᠠ᠂ ᠵᠢᠯ ᠪᠤᠯᠭᠠᠨ ᠤ ᠲᠡᠯᠡᠬᠡᠢ ᠶᠢᠨ ᠬᠡᠦᠬᠡᠳ ᠤᠨ ᠪᠠᠶᠠᠷ ᠪᠤᠯᠤᠨ ᠪᠠᠭᠰᠢ ᠨᠠᠷ ᠤᠨ ᠪᠠᠶᠠᠷ ᠤᠨ ᠡᠳᠦᠷ ᠢ ᠳᠤᠬᠢᠶᠠᠯᠳᠤᠭᠤᠯᠤᠨ ᠬᠦᠲᠡᠭᠡ ᠤᠷᠤᠨ ᠨᠤᠲᠤᠭ ᠤᠨ ᠪᠠᠭ᠎ᠠ ᠰᠤᠷᠭᠠᠭᠤᠯᠢ ᠨᠤᠭᠤᠳ ᠲᠠᠢ ᠬᠠᠮᠲᠤᠷᠠᠵᠤ《6·1》  ᠤ ᠪᠠᠭᠠᠴᠤᠳ ᠬᠡᠦᠬᠡᠳ ᠤᠨ ᠪᠠᠶᠠᠷ ᠢ ᠪᠡᠯᠬᠡᠯᠡᠬᠦ ᠪᠠ ᠪᠠᠭᠰᠢ ᠶᠢᠨ ᠪᠠᠶᠠᠷ ᠢ ᠪᠡᠯᠬᠡᠯᠡᠬᠦ ᠠᠵᠢᠯᠯᠠᠭ᠎ᠠ ᠵᠤᠬᠢᠶᠠᠨ ᠪᠠᠶᠢᠭᠤᠯᠵᠤ ᠪᠠᠶᠢᠨ᠎ᠠ᠃ ᠰᠡᠬᠦᠯ ᠤᠨ ᠦᠶ᠎ᠠ ᠳ᠋ᠤ᠂ ᠬᠡᠦᠬᠡᠳ ᠪᠠᠭᠠᠴᠤᠳ ᠢ ᠵᠤᠬᠢᠶᠠᠨ ᠪᠠᠶᠢᠭᠤᠯᠤᠨ ᠲᠤᠮᠤ ᠬᠤᠳᠠ ᠶᠢᠨ ᠨᠦᠬᠦᠷᠰᠡᠭ ᠰᠤᠷᠭᠠᠭᠤᠯᠢ ᠨᠤᠭᠤᠳ ᠢᠶᠡᠷ ᠠᠢᠢᠯᠴᠢᠯᠠᠬᠤ᠂ ᠳᠠᠯ᠎ᠠ ᠨᠤᠳᠤᠭ ᠤᠨ ᠬᠡᠤᠬᠡᠳ ᠲᠤ ᠲᠠᠯᠠᠢ ᠳᠠᠩᠬᠢᠰ ᠢ ᠦᠵᠡᠬᠦᠯᠬᠦ ᠵᠡᠷᠭᠡ ᠵᠤᠰᠠᠯᠠᠩ ᠤᠨ ᠠᠵᠢᠯᠯᠠᠭ᠎ᠠ ᠵᠤᠬᠢᠶᠠᠨ ᠪᠠᠢᠢᠭᠤᠯᠵᠤ᠂ ᠤᠷᠢᠳ ᠬᠤᠵᠢᠳ ᠱᠠᠩᠬᠠᠢ᠂ ᠴᠢᠨ ᠬᠤᠸᠠᠩ ᠳ᠋ᠤᠤ᠂ ᠪᠸᠢ ᠳ᠋ᠠᠢ ᠾᠸ᠋ ᠵᠡᠷᠭᠡ ᠭᠠᠵᠠᠷ ᠲᠤ ᠬᠦᠷᠴᠦ᠂ ᠲᠠᠯ᠎ᠠ ᠨᠤᠳᠤᠭ ᠤᠨ ᠬᠡᠤᠬᠡᠳ ᠪᠠᠭᠠᠴᠤᠳ ᠤᠨ ᠬᠠᠷᠠᠭ᠎ᠠ ᠵᠢ ᠲᠡᠯᠡᠵᠦ ᠮᠡᠳᠡᠯᠭᠡ ᠵᠢ ᠨᠢ ᠦᠷᠭᠡᠵᠢᠬᠦᠯᠵᠠᠢ᠃ ᠤᠨᠴᠠᠭᠠᠢᠢᠯᠠᠨ 2016 ᠤᠨ ᠳ᠋ᠤ ᠵᠤᠬᠢᠶᠠᠨ ᠪᠠᠢᠢᠭᠤᠯᠤᠬᠰᠠᠨ《ᠦᠪᠦᠷ ᠮᠤᠩᠭᠤᠯ  ᠤᠨ ᠬᠡᠦᠬᠡᠳ ᠤᠨ ᠮᠤᠩᠭ᠋ᠤᠯ ᠤᠯᠤᠰ ᠲᠡᠭᠢ ᠠᠶᠠᠯᠠᠯ》ᠵᠤᠰᠠᠯᠠᠩ ᠤᠨ ᠠᠵᠢᠯᠯᠠᠭ᠎ᠠ ᠨᠢ ᠬᠤᠶᠠᠷ ᠤᠯᠤᠰ ᠤᠨ ᠬᠡᠤᠬᠡᠳ ᠪᠠᠭᠠᠴᠤᠳ ᠤᠨ ᠭᠠᠷ ᠭᠠᠷ ᠶᠢᠡᠨ ᠬᠤᠯᠪᠤᠨ ᠬᠠᠷᠢᠯᠴᠠᠨ ᠰᠤᠷᠤᠯᠴᠠᠬᠤ᠂ ᠦᠵᠡᠯ ᠪᠤᠳᠤᠯ ᠶᠢᠡᠨ ᠰᠤᠯᠢᠯᠴᠠᠬᠤ᠂ ᠨᠦᠬᠦᠷᠯᠡᠯ ᠶᠢᠡᠨ ᠵᠤᠵᠠᠭᠠᠳᠬᠠᠬᠤ ᠳ᠋ᠤ ᠰᠠᠢᠢᠨ ᠰᠠᠢᠢᠬᠠᠨ ᠲᠠᠪᠴᠠᠩ ᠬᠠᠩᠭᠠᠭᠰᠠᠨ ᠪᠠᠶᠢᠲᠠᠭ᠃

    ᠵᠠᠭᠤᠴᠢᠯᠠᠭᠤᠷ ᠤᠨ ᠠᠭᠤᠰᠤᠯᠴᠠᠭ᠎ᠠ ᠲᠦᠷᠭᠡᠨ ᠬᠦᠭ᠍ᠵᠢᠵᠦ ᠪᠠᠶᠢᠭ᠎ᠠ ᠦᠨᠦᠲᠦᠷ᠂ 《ᠦᠪᠦᠷ ᠮᠤᠩᠭᠤᠯ ᠤᠨ ᠪᠠᠭᠠᠴᠤᠳ ᠤᠨ ᠰᠤᠨᠢᠨ》ᠭᠠᠭᠴᠠ ᠰᠤᠨᠢᠨ ᠡᠷᠬᠢᠯᠡᠬᠦ ᠪᠡᠷ ᠪᠠᠷᠠᠬᠤ ᠦᠭᠡᠢ ᠸᠢᠴᠠᠲ ᠤᠨ ᠲᠠᠪᠴᠠᠩ᠂ 《ᠪᠠᠭᠠᠴᠤᠳ》ᠰᠦᠯᠵᠢᠶᠡᠨ ᠰᠤᠪᠠᠭ ᠡᠷᠬᠢᠯᠡᠵᠦ᠂ ᠰᠤᠨᠢᠨ᠂ ᠸᠢᠴᠠᠲ᠂ ᠰᠦᠯᠵᠢᠶ᠎ᠠ ᠶᠢ ᠠᠭᠤᠰᠤᠯᠴᠠᠭᠤᠯᠤᠨ ᠬᠦᠭ᠍ᠵᠢᠬᠦᠯᠵᠦ᠂ ᠮᠤᠩᠭᠤᠯ ᠬᠡᠤᠬᠡᠳ ᠲᠤ ᠪᠡᠨ ᠤᠯᠠᠮ ᠪᠦᠷᠢᠨ ᠦᠢᠯᠡᠴᠢᠯᠡᠬᠡ ᠬᠠᠩᠭᠠᠵᠤ ᠪᠠᠶᠢᠨ᠎ᠠ᠃ ᠮᠡᠳᠡᠬᠡ ᠮᠡᠳᠡᠬᠡᠯᠡᠯ ᠤᠨ ᠰᠢᠨ᠎ᠡ ᠬᠡᠷᠡᠭᠰᠡᠯ ᠤᠳ ᠢᠶᠡᠷ ᠨᠢ ᠰᠠᠴᠤᠭᠳᠠᠭᠰᠠᠨ 《WIFI ᠦᠭᠡᠢ ᠬᠤᠲᠠ ᠶᠢᠨ ᠮᠤᠩᠭᠤᠯ ᠠᠶᠢᠯ》᠂《ᠮᠤᠩᠭᠤᠯ ᠬᠡᠯᠡ ᠮᠤᠯᠤᠷ ᠡᠷᠳᠡᠨᠢ》᠂《ᠮᠤᠷᠢ ᠪᠠᠨ ᠤᠨᠤᠭᠠᠳ ᠰᠤᠷᠭᠠᠭᠤᠯᠢ ᠳ᠋ᠠᠭᠠᠨ ᠶᠠᠪᠤᠨ᠎ᠠ》ᠵᠡᠷᠭᠡ ᠮᠡᠲᠡᠭᠡ ᠮᠡᠲᠡᠭᠡᠯᠡᠯ ᠨᠢ ᠲᠠᠷᠤᠮ ᠤᠨ ᠲᠤᠭ᠎ᠠ ᠪᠡᠷ ᠦᠨᠳᠦᠷ᠂ ᠤᠩᠰᠢᠭᠴᠢᠳ ᠤᠨ ᠬᠠᠯᠠᠭᠤᠯ ᠬᠦᠷᠢᠶᠡᠯᠡᠯ ᠢ ᠤᠯᠵᠤ᠂ ᠸᠢᠴᠠᠲ ᠪᠡᠷ ᠪᠠᠶᠢᠩᠭᠤ ᠲᠠᠷᠬᠠᠭᠠᠭᠲᠠᠵᠤ ᠪᠠᠶᠢᠪᠠ᠃

    《ᠦᠪᠦᠷ ᠮᠤᠩᠭᠤᠯ ᠤᠨ ᠪᠠᠭᠠᠴᠤᠳ ᠤᠨ ᠰᠤᠨᠢᠨ》ᠦᠪᠦᠷ ᠮᠤᠩᠭᠤᠯ ᠤᠨ ᠡᠲᠦᠷ ᠤᠨ ᠰᠤᠨᠢᠨ ᠤ ᠨᠠᠮ ᠤᠨ ᠬᠤᠷᠢᠶᠠᠨ ᠤ ᠤᠲᠤᠷᠢᠲᠤᠯᠭ᠎ᠠ ᠲᠤᠤᠷ᠎ᠠ ᠵᠦᠪ ᠤᠨᠤᠪᠴᠢᠲᠠᠢ ᠶᠠᠷᠢᠶ᠎ᠠ ᠬᠡᠯᠡᠯᠴᠡᠭᠡᠨ ᠤ ᠤᠲᠤᠷᠢᠲᠤᠮᠵᠢ ᠶᠢᠨ ᠲᠠᠭᠠᠤ᠂ ᠨᠠᠮ ᠤᠨ ᠦᠨᠳᠦᠰᠦᠲᠡᠨ ᠤ ᠰᠤᠷᠭᠠᠨ ᠬᠦᠮᠦᠵᠢᠯ ᠤᠨ ᠲᠤᠬᠠᠢ ᠱᠤᠭᠤᠮ᠂ ᠴᠢᠭᠯᠡᠯᠲᠡ᠂ ᠲᠦᠷᠦ ᠶᠢᠨ ᠪᠤᠲᠤᠯᠭ᠎ᠠ ᠶᠢ ᠤᠬᠠᠭᠤᠯᠤᠨ᠂ ᠨᠡᠶᠢᠭᠡᠮ ᠵᠢᠷᠤᠮ ᠤᠨ ᠭᠤᠤᠯᠯᠠᠭᠴᠢ ᠦᠷᠲᠡᠭ ᠤᠨ ᠦᠵᠡᠯᠲᠡ ᠶᠢ ᠦᠢᠯᠡᠳᠦᠯᠭᠡᠵᠢᠬᠦᠯᠦᠨ᠂ ᠮᠤᠷᠠᠯ ᠰᠤᠷᠲᠠᠬᠤᠨ᠂ ᠤᠶᠤᠨ ᠤᠬᠠᠭᠠᠨ᠂ ᠪᠠᠶ᠎ᠠ ᠲᠠᠮᠢᠷ᠂ ᠭᠤᠤ᠎ᠠ ᠰᠠᠶᠢᠬᠠᠨ ᠪᠦᠬᠦ ᠲᠠᠯ᠎ᠠ ᠪᠡᠷ ᠬᠦᠭ᠍ᠵᠢᠭᠰᠡᠨ ᠬᠡᠦᠬᠡᠳ ᠪᠠᠭᠠᠴᠤᠳ ᠢ ᠬᠦᠮᠦᠵᠢᠬᠦᠯᠬᠦ ᠳ᠋ᠤ ᠬᠤᠪᠢ ᠨᠡᠮᠡᠷᠢ ᠦᠵᠡᠬᠦᠯᠦᠭᠰᠡᠭᠡᠷ ᠢᠷᠡᠵᠡᠢ᠃ ᠰᠤᠨᠢᠨ ᠤ ᠲᠠᠷᠬᠠᠭᠠᠯᠲᠠ ᠶᠢᠨ ᠬᠡᠮᠵᠢᠶ᠎ᠠ ᠲᠤᠭᠲᠠᠭᠤᠨ ᠢᠶᠡᠷ ᠨᠡᠮᠡᠭᠲᠡᠵᠦ᠂ ᠦᠪᠦᠷ ᠮᠤᠩᠭᠤᠯ ᠤᠷᠤᠨ ᠤ ᠲᠤᠮᠲᠠᠲᠤ ᠪᠠᠭ᠎ᠠ ᠰᠤᠷᠭᠠᠭᠤᠯᠢ ᠶᠢᠨ ᠰᠤᠷᠤᠭᠴᠢᠳ ᠡᠴᠡ ᠭᠠᠲᠠᠨ᠎ᠠ ᠰᠢᠨᠵᠢᠶᠠᠩ᠂ ᠬᠦᠬᠡᠨᠠᠭᠤᠷ᠂ ᠭᠠᠨᠰᠤ᠂ ᠯᠢᠶᠤᠤᠨᠢᠩ ᠵᠡᠷᠭᠡ ᠭᠠᠵᠠᠷ ᠤᠷᠤᠨ ᠤ ᠰᠤᠷᠤᠭᠴᠢᠳ ᠴᠤ ᠵᠠᠬᠢᠶᠠᠯᠠᠨ ᠤᠩᠰᠢᠳᠠᠭ ᠪᠤᠯᠤᠬᠰᠠᠨ ᠢᠶᠡᠷ᠂ ᠵᠠᠬᠢᠶᠠᠯᠠᠭ᠎ᠠ ᠶᠢᠨ ᠳᠤᠭ᠎ᠠ 12000 ᠬᠤᠪᠢ ᠬᠦᠷᠴᠦ ᠪᠠᠶᠢᠨ᠎ᠠ᠃ 2016 ᠤᠨ ᠳ᠋ᠤ᠂ ᠳᠤᠰ ᠰᠤᠨᠢᠨ ᠲᠤᠮᠳᠠᠳᠤ ᠤᠯᠤᠰ  ᠤᠨ ᠵᠢᠷᠭᠤᠳᠤᠭᠠᠷ ᠬᠤᠭᠤᠴᠠᠭᠠᠨ ᠤ ᠪᠠᠭᠠᠴᠤᠳ ᠬᠡᠤᠬᠡᠳ ᠤᠨ ᠰᠤᠨᠢᠨ ᠰᠡᠳᠬᠦᠯ ᠤᠨ ᠰᠢᠯᠢᠳᠡᠭ ᠱᠠᠩᠨᠠᠯ ᠢᠶᠡᠷ ᠮᠢᠯᠢᠶᠠᠯᠭᠠᠵᠠᠢ᠃

    《ᠦᠪᠦᠷ ᠮᠤᠩᠭᠤᠯ ᠤᠨ ᠪᠠᠭᠠᠴᠤᠳ ᠤᠨ ᠰᠤᠨᠢᠨ》 ᠤ᠋ ᠶᠡᠷᠦᠩᠬᠡᠶ ᠨᠠᠶᠢᠷᠠᠭᠤᠯᠤᠭᠴᠢ ᠪᠤᠤ ᠸᠧᠨ ᠰᠢᠤᠸᠠᠢ᠄《ᠬᠡᠦᠬᠡᠳ ᠪᠠᠭᠠᠴᠤᠳ ᠤᠨ ᠬᠢᠴᠢᠶᠠᠯ ᠤᠨ ᠭᠠᠲᠠᠨᠠᠬᠢ ᠤᠩᠰᠢᠬᠤ ᠵᠦᠢᠯ ᠪᠤᠯᠤᠭᠰᠠᠨ ᠤ ᠬᠤᠪᠢ ᠳ᠋ᠤ ᠰᠤᠨᠢᠨ ᠢᠶᠡᠨ ᠰᠠᠶᠢᠲᠦᠷ ᠡᠷᠬᠢᠯᠡᠬᠦ ᠪᠡᠷ ᠦᠷᠬᠦᠯᠵᠢᠯᠡᠨ ᠴᠢᠷᠮᠠᠶᠢᠵᠤ᠂ ᠬᠡᠦᠬᠡᠳ ᠪᠠᠭᠠᠴᠤᠳ ᠲᠤ ᠵᠦᠪ ᠡᠨᠧᠷᠬᠢ ᠤᠯᠠᠮᠵᠢᠯᠠᠬᠤ ᠪᠡᠷ ᠬᠢᠴᠢᠶᠠᠨ ᠠᠵᠢᠯᠯᠠᠵᠤ᠂ < ᠦᠪᠦᠷ ᠮᠤᠩᠭᠤᠯ ᠳ᠋ᠤ ᠰᠠᠭᠤᠷᠢᠯᠠᠵᠤ᠂ ᠪᠦᠬᠦ ᠤᠯᠤᠰ ᠲᠤ ᠬᠠᠨᠳᠤᠵᠤ᠂ ᠲᠡᠯᠡᠬᠡᠢ ᠲᠡᠰᠢ ᠬᠦᠭᠵᠢᠬᠦ ᠮᠤᠩᠭᠤᠯ ᠦᠰᠦᠭ ᠪᠢᠴᠢᠭ᠌ ᠤᠨ ᠪᠠᠭᠠᠴᠤᠳ ᠬᠡᠤᠬᠡᠳ ᠤᠨ ᠬᠠᠮ ᠵᠠᠭᠤᠴᠢᠯᠠᠭᠤᠷ> ᠢ ᠪᠦᠬᠦ ᠬᠦᠴᠦᠨ ᠶᠢᠡᠷ ᠪᠦᠳᠦᠭᠡᠨ ᠪᠠᠢᠢᠭᠤᠯᠬᠤ ᠬᠦᠭᠵᠢᠯᠳᠡ ᠶᠢᠨ ᠰᠡᠳᠭᠢᠴᠡ ᠶᠢᠨ ᠲᠠᠭᠠᠤ ᠠᠭᠤᠯᠭ᠎ᠠ ᠡᠴᠡ ᠪᠠᠷ ᠬᠡᠪᠯᠡᠯ ᠬᠦᠷᠳᠡᠯ᠎ᠡ᠂ ᠰᠤᠷᠪᠤᠯᠵᠢᠯᠠᠬᠤ ᠨᠠᠢᠢᠷᠠᠭᠤᠯᠬᠤ ᠲᠤᠬᠠᠢᠢᠯᠠᠬᠰᠠᠨ ᠠᠵᠢᠯ ᠡᠴᠡ ᠡᠵᠡᠩᠨᠡᠯᠳᠡ ᠬᠠᠮᠢᠶᠠᠷᠤᠯᠳᠠ ᠬᠦᠷᠳᠡᠯ᠎ᠡ ᠲᠠᠰᠤᠷᠠᠯᠳᠠ ᠦᠭᠡᠢ ᠦᠭᠡᠷᠡᠴᠢᠯᠡᠯᠳᠡ ᠰᠢᠨᠡᠴᠢᠯᠡᠯᠳᠡ ᠬᠢᠵᠦ᠂ ᠪᠦᠬᠦ ᠤᠯᠤᠰ ᠤᠨ ᠮᠤᠩᠭᠤᠯ ᠦᠨᠳᠦᠰᠦᠳᠡᠨ ᠤ ᠪᠠᠭᠠᠴᠤᠳ ᠬᠡᠤᠬᠡᠳ ᠤᠨ ᠵᠢᠩᠬᠢᠨᠢ <ᠰᠠᠢᠢᠨ ᠪᠠᠬᠰᠢ ᠲᠤᠳᠤᠨᠤ ᠬᠠᠨᠢ > ᠪᠤᠯᠬᠤ ᠪᠡᠷ ᠮᠡᠷᠡᠢᠢᠨ ᠠᠵᠢᠯᠯᠠᠬᠤ ᠪᠤᠯᠤᠨ᠎ᠠ》ᠭᠡᠯ᠎ᠡ᠃(ᠵᠢᠷᠤᠭ ᠢ ᠦᠪᠦᠷ ᠮᠣᠩᠭᠣᠯ ᠤᠨ ᠪᠠᠭᠠᠴᠤᠳ ᠤᠨ ᠰᠤᠨᠢᠨ ᠡᠴᠡ ᠬᠠᠩᠭ᠋ᠠᠪᠠ)

1997 ᠤᠨ ᠤ 6 ᠰᠠᠷ᠎ᠠ ᠶᠢᠨ 7 ᠤ ᠡᠳᠦᠷ ᠡᠴᠡ ᠬᠡᠪᠯᠡᠯ ᠡᠬᠢᠯᠡᠭᠰᠡᠨ ᠦᠪᠦᠷ ᠮᠣᠩᠭᠣᠯ ᠤᠨ ᠪᠠᠭᠠᠴᠤᠳ ᠤᠨ ᠰᠤᠨᠢᠨ ᠤ ᠨᠢᠭᠤᠷ ᠬᠠᠭᠤᠳᠠᠰᠤ

ᠢᠷᠡᠯᠳᠡ᠄ ᠰᠢᠨᠬᠤᠸᠠ ᠮᠣᠩᠭᠣᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121064127