蒙古文网站Logo
ᠰᠢᠨᠬᠤᠸᠠ ᠮᠤᠩᠭ᠋ᠤᠯ ᠨᠧᠲ

ᠭᠤᠷᠯᠤᠰᠴᠤᠳ ᠴᠢᠩᠬᠢᠰ ᠬᠠᠭᠠᠨ ᠮᠡᠨᠲᠦᠯᠡᠭᠰᠡᠨ 855 ᠵᠢᠯ ᠤᠨ ᠤᠢ ᠶᠢ ᠲᠤᠷᠠᠰᠬᠠᠨ ᠲᠡᠮᠲᠡᠭᠯᠡᠪᠡ

2017-06-01 12:56

    ᠰᠢᠨᠬᠤᠧᠠ ᠮᠤᠩᠭᠤᠯ ᠨᠧᠲ  ᠡᠮᠦᠨᠡᠲᠦ ᠭᠤᠷᠯᠤᠰ ᠤᠨ 5 ᠰᠠᠷ᠎ᠠ ᠶᠢᠨ 31 ᠤ ᠡᠲᠦᠷ ᠤᠨ ᠴᠠᠬᠢᠯᠭᠠᠨ ᠮᠡᠲᠡᠭᠡ ( ᠬ᠂ ᠦᠵᠡᠰᠭᠦᠯᠡᠩ ) 31 ᠤ ᠡᠲᠦᠷ ᠤᠨ ᠦᠲᠡ ᠶᠢᠨ ᠡᠮᠦᠨ᠎ᠡ᠂ ᠭᠤᠷᠯᠤᠰᠴᠤᠳ ᠴᠢᠩᠬᠢᠰ ᠬᠠᠭᠠᠨ ᠮᠡᠨᠲᠦᠯᠡᠭᠰᠡᠨ 855 ᠵᠢᠯ ᠤᠨ ᠤᠢ ᠶᠢ ᠡᠮᠦᠨᠡᠲᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ ᠴᠢᠩᠬᠢᠰ ᠬᠠᠭᠠᠨ ᠰᠤᠶᠤᠯ ᠤᠨ ᠬᠦᠷᠢᠶᠡᠯᠡᠩ ᠳ᠋ᠤ ᠦᠪᠡᠲᠡᠭᠰᠢ ᠶᠡᠬᠡᠪᠡᠷ ᠲᠤᠷᠠᠰᠬᠠᠨ ᠲᠡᠮᠲᠡᠭᠯᠡᠪᠡ᠃ ᠤᠯᠠᠮᠵᠢᠯᠠᠯ ᠶᠤᠰᠤᠭᠠᠷ ᠲᠤᠷᠠᠰᠬᠠᠨ ᠲᠡᠮᠲᠡᠭᠯᠡᠬᠦ ᠦᠢᠯᠡ ᠠᠵᠢᠯᠯᠠᠭ᠎ᠠ ᠨᠢ ᠭᠤᠷᠯᠤᠰ ᠠᠶᠢᠮᠠᠭ ᠤᠨ ᠤᠯᠠᠨ ᠡᠴᠡ ᠡᠵᠡᠨ ᠪᠤᠭᠲᠠ ᠴᠢᠩᠬᠢᠰ ᠬᠠᠭᠠᠨ ᠳ᠋ᠤ ᠡᠷᠬᠦᠯ ᠲᠡᠭᠡᠵᠢ ᠪᠠᠨ ᠪᠠᠷᠢᠨ᠂ ᠭᠤᠯᠤᠮᠲᠠ ᠶᠢᠨ ᠦᠷᠦᠭᠡᠨ ( ᠴᠢᠩᠬᠢᠰ ᠬᠠᠭᠠᠨ ᠤ ᠬᠦᠷᠢᠶᠡᠯᠡᠩ ᠳ᠋ᠤ ᠪᠠᠶᠢᠷᠢᠯᠠᠬᠤ ᠤᠨᠲᠠᠷᠠᠰᠢ ᠦᠭᠡᠢ ᠮᠦᠩᠬᠡ ᠵᠤᠯᠠ᠂ ᠮᠤᠩᠭᠤᠯ ᠨᠤᠲᠤᠭ ᠤᠨ ᠰᠢᠷᠤᠢ᠂ ᠴᠢᠩᠬᠢᠰ ᠬᠠᠭᠠᠨ ᠤ ᠤᠩᠭᠤᠨ᠂ ᠰᠦᠮ᠎ᠡ᠂ ᠵᠤᠤ ᠶᠢᠨ ᠬᠦᠵᠢ ᠶᠢᠨ ᠦᠨᠡᠰᠦ᠂ ᠭᠤᠷᠯᠤᠰ ᠤᠨ ᠲᠦᠷᠪᠡᠨ ᠨᠤᠲᠤᠭ ᠤᠨ ᠰᠢᠷᠤᠢ ᠶᠢ ᠬᠠᠲᠠᠭᠠᠯᠠᠲᠠᠭ ᠭᠠᠵᠠᠷ )  ᠤ ᠭᠤᠯᠤᠮᠲᠠ ᠶᠢᠨ ᠭᠠᠯ ᠢᠶᠡᠷ ᠮᠦᠩᠬᠡ ᠲᠤᠯᠭ᠎ᠠ ᠶᠢ ᠨᠤᠴᠤᠭᠠᠨ᠂ ᠭᠠᠯ ᠤᠨ ᠴᠤᠭ ᠢ ᠲᠠᠬᠢᠯᠭ᠎ᠠ ᠶᠢᠨ ᠰᠢᠷᠡᠭᠡᠨ ᠳ᠋ᠤ ᠵᠠᠯᠠᠵᠤ᠂ ᠰᠠᠩᠴᠢ ᠡᠴᠡ ᠡᠵᠡᠨ ᠴᠢᠩᠬᠢᠰ ᠤᠨ ᠰᠠᠩ ᠢ ᠲᠠᠭᠤᠲᠠᠨ ᠭᠤᠷᠯᠤᠰ ᠠᠶᠢᠮᠠᠭ ᠤᠨ ᠠᠬᠠᠮᠠᠳ ᠡᠴᠡ ᠲᠠᠬᠢᠯᠭ᠎ᠠ ᠶᠢᠨ ᠪᠢᠴᠢᠭ᠌ ᠢ ᠬᠠᠶᠢᠯᠵᠤ᠂ ᠢᠷᠦᠭᠡᠯᠴᠢ ᠢᠷᠦᠭᠡᠯ ᠤᠩᠰᠢᠭᠰᠠᠨ ᠢᠶᠡᠷ ᠰᠦᠵᠢᠭᠲᠡᠨ ᠮᠦᠷᠭᠦᠯᠴᠢᠳ ᠴᠢᠩᠬᠢᠰ ᠬᠠᠭᠠᠨ ᠤ ᠬᠦᠷᠦᠭ ᠲᠤ ᠮᠦᠷᠭᠦᠨ ᠵᠠᠯᠪᠠᠷᠢᠵᠤ᠂ ᠡᠬᠡ ᠨᠤᠲᠤᠭ ᠡᠯᠢᠭᠡᠨ ᠰᠠᠲᠤᠨ ᠤ ᠪᠠᠨ ᠠᠮᠤᠷ ᠠᠮᠤᠭᠤᠯᠠᠩ ᠪᠠᠶᠢᠬᠤ ᠶᠢ ᠬᠦᠰᠡᠨ ᠲᠠᠭᠠᠳᠬᠠᠪᠠ᠃

    ᠭᠤᠷᠯᠤᠰᠴᠤᠳ ᠡᠷᠲᠡ ᠲᠡᠭᠡᠳᠦ ᠡᠴᠡ ᠪᠠᠨ ᠪᠤᠭᠲᠠ ᠡᠵᠡᠨ ᠴᠢᠩᠬᠢᠰ ᠬᠠᠭᠠᠨ ᠢᠶᠡᠨ ᠰᠦᠵᠢᠭᠯᠡᠨ ᠲᠠᠬᠢᠵᠤ᠂ ᠰᠠᠷ᠎ᠠ ᠰᠢᠨ᠎ᠡ ᠶᠢᠨ ᠲᠠᠬᠢᠯᠭ᠎ᠠ᠂ ᠮᠡᠨᠳᠦᠯᠡᠭᠰᠡᠨ ᠡᠲᠦᠷ ᠤᠨ ᠲᠠᠬᠢᠯᠭ᠎ᠠ᠂ ᠱᠠᠩᠰᠢ ᠮᠤᠲᠤᠨ ᠤ ᠲᠠᠬᠢᠯᠭ᠎ᠠ᠂ ᠬᠦᠷᠦᠭ ᠵᠢᠷᠤᠭ ᠤᠨ ᠲᠠᠬᠢᠯᠭ᠎ᠠ᠂ ᠬᠦᠬᠡᠬᠡ ᠰᠠᠷ᠎ᠠ ᠶᠢᠨ ᠰᠢᠨ᠎ᠡ ᠶᠢᠨ ᠭᠤᠷᠪᠠᠨ ᠤ ᠲᠠᠬᠢᠯᠭ᠎ᠠ ᠵᠡᠷᠭᠡ ᠶᠢ ᠵᠤᠬᠢᠶᠠᠨ ᠪᠠᠶᠢᠭᠤᠯᠤᠭᠰᠠᠭᠠᠷ ᠢᠷᠡᠵᠡᠢ᠃ ᠤᠨᠴᠠᠭᠠᠶᠢᠯᠠᠨ ᠭᠢᠷᠢᠨ ᠮᠤᠵᠢ ᠶᠢᠨ ᠡᠮᠦᠨᠡᠲᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ ᠰᠢᠨ᠎ᠡ ᠪᠡᠷ ᠪᠠᠶᠢᠭᠤᠯᠤᠭᠰᠠᠨ ᠬᠤᠲᠠ ᠲᠤᠭᠤᠷᠢᠭ ᠲᠤ ᠪᠠᠶᠢᠷᠢᠯᠠᠬᠤ ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠪᠤᠯ ᠭᠤᠷᠯᠤᠰᠴᠤᠳ ᠤᠨ ᠴᠢᠩᠬᠢᠰ ᠬᠠᠭᠠᠨ ᠤ ᠲᠠᠬᠢᠯᠭ᠎ᠠ ᠲᠠᠶᠢᠯᠭ᠎ᠠ ᠶᠢᠨ ᠠᠷᠢᠭᠤᠨ ᠤᠷᠤᠨ ᠪᠤᠯᠪᠠ᠃

    ᠭᠤᠷᠯᠤᠰᠴᠤᠳ ᠵᠢᠯ ᠪᠤᠯᠭᠠᠨ ᠤ 5 ᠰᠠᠷ᠎ᠠ ᠶᠢᠨ 31 ᠤ ᠡᠲᠦᠷ ᠢ ᠴᠢᠩᠬᠢᠰ ᠬᠠᠭᠠᠨ ᠮᠡᠨᠲᠦᠯᠡᠭᠰᠡᠨ ᠡᠲᠦᠷ ᠢᠶᠡᠷ ᠲᠤᠭᠲᠠᠭᠠᠵᠤ᠂ ᠲᠠᠬᠢᠯᠭ᠎ᠠ ᠲᠠᠶᠢᠯᠭ᠎ᠠ ᠶᠢᠨ ᠦᠢᠯᠡ ᠠᠵᠢᠯᠯᠠᠭ᠎ᠠ ᠵᠤᠬᠢᠶᠠᠨ ᠪᠠᠶᠢᠭᠤᠯᠲᠠᠭ᠃ 2010 ᠤᠨ ᠳ᠋ᠤ ᠡᠮᠦᠨᠡᠲᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ 《ᠴᠢᠩᠬᠢᠰ ᠬᠠᠭᠠᠨ ᠤ ᠲᠠᠬᠢᠯᠭ᠎ᠠ》 ᠶ᠋ᠢ ᠭᠢᠷᠢᠨ ᠮᠤᠵᠢ ᠶᠢᠨ ᠵᠠᠰᠠᠭ ᠤᠨ ᠤᠷᠲᠤᠨ ᠡᠴᠡ ᠮᠤᠵᠢ ᠶᠢᠨ ᠵᠡᠷᠭᠡᠯᠡᠯ ᠤᠨ ᠪᠠᠶᠠᠲᠦ ᠪᠤᠰᠤ ᠰᠤᠶᠤᠯ ᠤᠨ ᠦᠪ ᠢᠶᠡᠷ ᠪᠦᠷᠢᠳᠭᠡᠪᠡ᠃

ᠭᠤᠷᠯᠤᠰ ᠠᠶᠢᠮᠠᠭ ᠤᠨ ᠤᠯᠠᠨ ᠡᠴᠡ ᠪᠤᠭᠲᠠ ᠡᠵᠡᠨ ᠴᠢᠩᠬᠢᠰ ᠬᠠᠭᠠᠨ ᠳ᠋ᠤ ᠡᠷᠬᠦᠯ ᠲᠡᠭᠡᠵᠢ ᠪᠠᠷᠢᠨ᠎ᠠ

ᠭᠤᠯᠤᠮᠲᠠ ᠶᠢᠨ ᠦᠷᠦᠭᠡᠨ ᠤ ᠭᠠᠯ ᠢᠶᠡᠷ ᠮᠦᠩᠬᠡ ᠲᠤᠯᠭ᠎ᠠ ᠶᠢ ᠠᠰᠠᠭᠠᠨ᠎ᠠ

ᠭᠤᠯᠤᠮᠲᠠ ᠶᠢᠨ ᠦᠷᠦᠭᠡᠨ ᠤ ᠭᠠᠯ ᠢᠶᠡᠷ ᠮᠦᠩᠬᠡ ᠲᠤᠯᠭ᠎ᠠ ᠶᠢ ᠠᠰᠠᠭᠠᠨ᠎ᠠ

ᠰᠠᠩᠴᠢ ᠴᠤᠭᠵᠤ ᠡᠴᠡ 《ᠡᠵᠡᠨ ᠴᠢᠩᠬᠢᠰ ᠤᠨ ᠰᠠᠩ》 ᠢ ᠬᠠᠶᠢᠯᠤᠨ᠎ᠠ

ᠭᠤᠷᠯᠤᠰ ᠠᠶᠢᠮᠠᠭ ᠤᠨ ᠠᠬᠠᠯᠠᠭᠴᠢ ᠪᠤᠤ ᠪᠤᠤ ᠰᠢᠶᠠᠩ ᠡᠴᠡ ᠲᠠᠬᠢᠯᠭ᠎ᠠ ᠶᠢᠨ ᠪᠢᠴᠢᠭ᠌ ᠢ ᠤᠩᠰᠢᠨ᠎ᠡ

ᠢᠷᠦᠭᠡᠯᠴᠢ ᠪᠠᠶᠠᠰᠬᠤᠯᠠᠩ ᠡᠴᠡ 《ᠴᠢᠩᠬᠢᠰ ᠬᠠᠭᠠᠨ ᠤ ᠲᠠᠬᠢᠯᠭ᠎ᠠ ᠶᠢᠨ ᠮᠠᠭᠲᠠᠭᠠᠯ》 ᠢ᠋ ᠤᠩᠰᠢᠨ᠎ᠡ

ᠲᠠᠬᠢᠯᠭ᠎ᠠ ᠶᠢᠨ ᠲᠠᠶᠢᠰᠠ

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121069060