蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠬᠤᠷᠴᠢᠨ ᠵᠡᠬᠦᠨ ᠭᠠᠷᠤᠨ ᠲᠤᠮᠲᠠᠲᠤ ᠬᠤᠰᠢᠭᠤᠨ ᠤ ᠠᠩᠬᠠᠲᠠᠭᠴᠢ ᠬᠤᠭᠤᠴᠠᠭᠠᠨ ᠤ ᠤᠪᠤᠭᠠᠨ ᠰᠤᠶᠤᠯ ᠤᠨ ᠨᠠᠶᠢᠷ ᠪᠤᠯᠵᠤ ᠦᠩᠭᠡᠷᠡᠪᠡ

2017-06-08 14:33

    ᠰᠢᠨᠬᠤᠧᠠ ᠮᠤᠩᠭᠤᠯ ᠨᠧᠲ  ᠲᠦᠩᠯᠢᠶᠤᠤ ᠶᠢᠨ 6 ᠰᠠᠷ᠎ᠠ ᠶᠢᠨ 8 ᠤ ᠡᠲᠦᠷ ᠤᠨ ᠴᠠᠬᠢᠯᠭᠠᠨ ᠮᠡᠲᠡᠭᠡ 6 ᠰᠠᠷ᠎ᠠ ᠶᠢᠨ 7 ᠤ ᠡᠲᠦᠷ ᠪᠤᠶᠤ ᠪᠢᠯᠢᠭ᠌ ᠤᠨ ᠳᠤᠭᠠᠯᠠᠯ ᠤᠨ 5 ᠰᠠᠷ᠎ᠠ ᠵᠢᠨ 13 ᠤ ᠤᠯᠠᠮᠵᠢᠯᠠᠯᠲᠤ ᠤᠪᠤᠭᠠᠨ ᠲᠠᠬᠢᠯᠭ᠎ᠠ ᠵᠢᠨ ᠡᠳᠦᠷ᠂ ᠦᠪᠦᠷ ᠮᠤᠩᠭᠤᠯ ᠤᠨ ᠳᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠲᠤᠮᠲᠠᠲᠤ ᠬᠤᠰᠢᠭᠤᠨ ᠤ ᠠᠩᠬᠠᠲᠠᠭᠴᠢ ᠬᠤᠭᠤᠴᠠᠭᠠᠨ ᠤ ᠤᠪᠤᠭᠠᠨ ᠰᠤᠶᠤᠯ ᠤᠨ ᠨᠠᠶᠢᠷ ᠲᠤᠰ ᠬᠤᠰᠢᠭᠤᠨ ᠤ ᠪᠠᠶᠢᠰᠢᠩᠲᠤ ᠰᠤᠮᠤ ᠶᠢᠨ ᠪᠠᠷᠠᠭᠤᠨ ᠬᠦᠢᠲᠡᠨ ᠵᠤ ᠭᠠᠴᠠᠭᠠᠨ ᠳ᠋ᠤ ᠪᠤᠯᠵᠤ ᠦᠩᠭᠡᠷᠡᠪᠡ᠃

 

    ᠤᠪᠤᠭᠠᠨ ᠲᠠᠬᠢᠯᠭ᠎ᠠ ᠵᠢᠨ ᠨᠠᠶᠢᠷ ᠲᠤ ᠮᠤᠷᠢ ᠤᠷᠤᠯᠳᠤᠬᠤ᠂ ᠪᠦᠭᠡ ᠪᠠᠷᠢᠯᠳᠤᠬᠤ᠂ ᠪᠢᠯᠠᠭᠤ ᠰᠢᠳᠡᠬᠦ ᠵᠡᠷᠭᠡ ᠳᠡᠮᠡᠴᠡᠬᠡᠨ ᠵᠤᠬᠢᠶᠠᠨ ᠪᠠᠶᠢᠭᠤᠯᠤᠭᠳᠠᠯ᠎ᠠ᠃ ᠬᠤᠷᠳᠤᠨ ᠮᠤᠷᠢᠨ ᠤ 2000 ᠮᠧᠲ᠋ᠷ ᠤᠨ ᠤᠷᠤᠯᠳᠤᠭᠠᠨ ᠳ᠋ᠥ ᠳᠤᠰ ᠬᠤᠰᠢᠭᠤᠨ ᠤ ᠤᠶᠠᠭᠠᠴᠢᠨ ᠾᠧ ᠹᠦ᠋ ᠴᠧᠩ ᠤᠨ ᠮᠤᠷᠢ᠂ 10000 ᠮᠧᠲ᠋ᠷ ᠤᠨ ᠤᠷᠤᠯᠳᠤᠭᠠᠨ ᠳ᠋ᠥ ᠸᠠᠩ ᠢᠦᠢ ᠵᠢᠨ ᠮᠤᠷᠢ᠂ 15000 ᠮᠧᠲ᠋ᠷ ᠤᠨ ᠤᠷᠤᠯᠳᠤᠭᠠᠨ ᠳ᠋ᠥ ᠾᠦᠩ ᠲᠢᠶᠧ ᠱᠠᠨ ᠤ ᠮᠤᠷᠢ᠂ ᠵᠢᠷᠤᠭ᠎ᠠ ᠮᠤᠷᠢᠨ ᠤ 10000 ᠮᠧᠲ᠋ᠷ ᠤᠨ ᠤᠷᠤᠯᠳᠤᠭᠠᠨ ᠳ᠋ᠥ ᠾᠧ ᠹᠦ᠋ ᠴᠧᠩ ᠤᠨ ᠮᠤᠷᠢ ᠳᠤᠰ ᠳᠤᠰ ᠲᠡᠷᠢᠭᠦᠯᠡᠭᠰᠡᠨ ᠪᠠᠶᠢᠨ᠎ᠠ᠃ ᠨᠠᠶᠢᠷ ᠲᠤ ᠪᠠᠰᠠ 32 ᠪᠦᠬᠡ ᠵᠤᠳᠤᠭᠯᠠᠵᠤ᠂ ᠬᠤᠷᠴᠢᠨ ᠵᠡᠬᠦᠨ ᠭᠠᠷᠤᠨ ᠬᠤᠶᠢᠲᠤ ᠬᠤᠰᠢᠭᠤᠨ ᠤ ᠵᠠᠯᠠᠭᠤ ᠪᠦᠭᠡ ᠲᠦᠩ ᠸᠧᠨ ᠰᠢᠶᠤᠤ ᠲᠡᠷᠢᠭᠦᠯᠡᠯ᠎ᠠ᠃ ᠪᠢᠯᠠᠭᠤ ᠰᠢᠳᠡᠬᠦ ᠳᠡᠮᠡᠴᠡᠬᠡᠨ ᠳ᠋ᠥ 22 ᠲᠠᠮᠢᠷᠴᠢᠨ ᠦᠷᠢᠰᠦᠯᠳᠦᠵᠦ᠂ ᠭᠤᠤ ᠦ᠋ ᠱᠢ ᠪᠠ 12 ᠬᠤᠪᠢ ᠤᠨᠤᠭᠠᠵᠤ ᠲᠡᠷᠢᠭᠦᠯᠡᠭᠰᠡᠨ ᠪᠠᠶᠢᠨ᠎ᠠ᠃

    ᠨᠠᠶᠢᠷ ᠲᠤ ᠪᠠᠰᠠ ᠲᠤᠰ ᠬᠤᠰᠢᠭᠤᠨ ᠤ ᠤᠯᠠᠭᠠᠨᠮᠦ᠋ᠴᠢᠷ ᠤᠨ ᠲᠤᠭᠯᠠᠭᠴᠢᠳ ᠪᠠ ᠪᠠᠶᠢᠰᠢᠩᠲᠤ ᠰᠤᠮᠤ ᠵᠢᠨ ᠡᠯ᠎ᠡ ᠭᠠᠴᠠᠭ᠎ᠠ ᠲᠤᠰᠬᠤᠨ ᠤ ᠠᠷᠠᠳ ᠤᠨ ᠤᠷᠠᠯᠢᠭ ᠤᠨ 9 ᠪᠦᠯᠬᠦᠮ ᠪᠤᠯᠤᠨ ᠲᠤᠰᠬᠠᠶᠢᠯᠠᠨ ᠤᠪᠤᠭᠠᠨ ᠨᠠᠶᠢᠷ ‍ᠢ ᠵᠤᠷᠢᠵᠦ ᠢᠷᠡᠭᠰᠡᠨ ᠤᠷᠳᠤᠰ ᠬᠤᠳᠠ ᠵᠢᠨ ᠯᠠᠨ ᠯᠢ ᠤᠷᠠᠯᠢᠭ ᠤᠨ ᠪᠦᠯᠬᠦᠮ ᠬᠠᠮᠳᠤᠷᠠᠨ᠂ ᠠᠷᠢᠭᠤᠨ ᠭᠠᠯ ᠤᠨ ᠦᠳᠡᠰᠢᠯᠡᠭᠡ ᠪᠠ ᠤᠷᠠᠨ ᠰᠠᠶᠢᠬᠠᠨ ᠤ ᠲᠤᠭᠯᠠᠯᠲᠠ ᠭᠠᠷᠭᠠᠵᠤ᠂ ᠠᠨᠳᠠᠢ ᠪᠦᠵᠢᠭ᠌ ᠪᠦᠵᠢᠭᠯᠡᠨ᠂ ᠮᠤᠷᠢᠨ ᠬᠤᠭᠤᠷ ᠬᠤᠭᠤᠷᠳᠠᠵᠤ᠂ ᠠᠷᠠᠳ ᠤᠨ ᠳᠠᠭᠤᠤ ᠪᠠᠨ ᠳᠠᠭᠤᠯᠠᠨ ᠦᠨᠳᠦᠰᠦᠲᠡᠨ ᠤ ᠤᠯᠠᠮᠵᠢᠯᠠᠯᠲᠤ ᠰᠤᠶᠤᠯ ᠤᠷᠠᠯᠢᠭ ᠤᠨ ᠷᠢᠳᠢ ᠰᠢᠳᠢ ᠪᠡᠷ ᠤᠪᠤᠭᠠᠨ ᠰᠠᠬᠢᠭᠤᠰᠤ ᠪᠠᠨ ᠪᠠᠶᠠᠰᠬᠠᠵᠤ᠂ ᠬᠤᠷᠠᠭᠰᠠᠨ ᠤᠯᠠᠨ ᠤ ᠬᠡᠬᠡᠨ ᠮᠡᠯᠮᠡᠢ ᠶᠢ ᠬᠤᠵᠢᠷᠯᠠᠭᠰᠠᠨ ᠪᠠᠶᠢᠨ᠎ᠠ ᠃

    ᠤᠪᠤᠭᠠᠨ ᠰᠤᠶᠤᠯ ᠤᠨ ᠨᠠᠶᠢᠷ ᠲᠤ ᠪᠠᠰᠠ ᠬᠤᠰᠢᠭᠤ ᠲᠠᠶᠠᠭᠠᠷ ᠤᠨ ᠡᠯ᠎ᠡ ᠰᠤᠮᠤ ᠰᠢᠶᠠᠩ ᠪᠠᠯᠭᠠᠰᠤ ᠲᠠᠯᠠᠪᠠᠢ ᠵᠢᠨ ᠨᠡᠶᠢᠲᠡ 21 ᠭᠠᠴᠠᠭ᠎ᠠ ᠲᠤᠰᠬᠤᠨ ᠤ ᠤᠪᠤᠭᠠᠨ ᠲᠠᠬᠢᠯᠭ᠎ᠠ ᠪᠤᠶᠤ ᠱᠠᠩᠰᠢ ᠵᠢᠨ ᠲᠠᠬᠢᠯᠭ᠎ᠠ ᠠᠳᠠᠯᠢ ᠪᠤᠰᠤ ᠬᠡᠪᠴᠢᠶ᠎ᠡ ᠪᠡᠷ ᠲᠤᠰᠠᠭᠠᠷ ᠶᠠᠪᠤᠭᠳᠠᠵᠤ᠂ ᠨᠡᠶᠢᠲᠡ 6 ᠲᠦᠮᠡ ᠭᠠᠷᠤᠢ ᠬᠦᠮᠦᠨ ᠤᠷᠤᠯᠴᠠᠨ᠂ ᠡᠯ᠎ᠡ ᠲᠦᠷᠦᠯ ᠤᠨ ᠮᠦᠷᠦᠶᠢᠴᠡᠬᠡᠨ ᠪᠠ ᠰᠤᠶᠤᠯ ᠤᠷᠠᠯᠢᠭ ᠤᠨ ᠬᠦᠳᠡᠯᠭᠡᠭᠡᠨ ‍ᠢ ᠬᠦᠷ ᠬᠦᠭᠵᠢᠶᠡᠨ ᠲᠠᠢ ᠦᠷᠨᠢᠭᠦᠯᠦᠭᠰᠠᠨ ᠢᠶᠡᠷ ᠢᠶᠡᠨ ᠦᠨᠳᠦᠰᠦᠲᠡᠨ ᠤ ᠤᠯᠠᠮᠵᠢᠯᠠᠯᠲᠤ ᠰᠤᠶᠤᠯ ᠪᠠ ᠵᠢᠭᠤᠯᠴᠢᠯᠠᠯ ᠤᠨ ᠦᠢᠯᠡᠰ ‍ᠢ ᠠᠭᠤᠰᠤᠯᠴᠠᠭᠤᠯᠤᠭᠰᠠᠨ ᠦᠪᠡᠳᠡᠭᠰᠢ ᠠᠵᠢᠯᠯᠠᠭ᠎ᠠ ᠪᠤᠯᠤᠭᠰᠠᠨ ᠪᠠᠶᠢᠨ᠎ᠠ᠃ (ᠨᠡᠶᠢᠳᠡᠯᠡᠯ ᠢ ᠬ • ᠦᠵᠡᠰᠭᠦᠯᠡᠩ᠂ ᠬᠠᠨ ᠵᠢᠷᠦᠮᠲᠦ᠂ ᠵᠢᠷᠤᠭ ᠢ ᠮᠠᠨᠳᠤᠬᠤ )

 

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121108753