蒙古文网站Logo
ᠰᠢᠨᠬᠤᠸᠠ ᠮᠤᠩᠭ᠋ᠤᠯ ᠨᠧᠲ

《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ

2017-06-14 13:11

    ᠤᠶᠢᠷ᠎ᠠ ᠳ᠋ᠤ᠂ ᠥᠪᠥᠷ ᠮᠤᠡᠭᠭᠤᠯ ‍ᠤᠨ ᠥᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ‍ᠤ ᠲᠠᠯᠠᠨ ᠵᠢᠯ ‍ᠤᠨ ᠤᠢ ᠶ᠋ᠢᠨ ᠪᠠᠶᠠᠷ ᠲᠤ ᠵᠤᠷᠢᠭᠤᠯᠤᠭᠰᠠᠨ ᠰᠥᠨᠢᠳ ᠪᠠᠷᠠᠭᠤᠨ ᠬᠤᠰᠢᠭᠤᠨ ‍ᠤ ᠠᠡᠭᠬᠠᠳᠤᠭᠠᠷ ᠤᠳᠠᠭᠠᠨ ‍ᠤ《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠠᠮᠵᠢᠯᠳᠠ ᠲᠠᠢ ᠥᠨᠳᠥᠷᠯᠡᠪᠡ᠃

ᠱᠠᠩᠨᠠᠯ ᠭᠠᠷᠳᠠᠭᠤᠯᠬᠤ ᠶᠤᠰᠤᠯᠠᠯ

    ᠲᠤᠰ ᠤᠳᠠᠭᠠᠨ ‍ᠤ《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠳ᠋ᠤ ᠪᠥᠬᠥ ᠬᠤᠰᠢᠭᠤᠨ ‍ᠤ ᠲᠤᠯᠤᠭᠠᠨ ᠰᠤᠮᠤ ᠪᠠᠯᠭᠠᠰᠤᠨ ‍ᠤ ᠮᠠᠯᠴᠢᠨ ᠲᠠᠷᠢᠶᠠᠴᠢᠨ ᠺᠠᠳᠠᠷ ᠠᠵᠢᠯᠳᠠᠨ ᠰᠣᠷᠤᠭᠴᠢ ᠶ᠋ᠢᠨ ᠨᠡᠶᠢᠳᠡ 460 ᠭᠠᠷᠤᠢ ᠭᠡᠷᠡᠯ ᠵᠢᠷᠤᠭ ‍ᠤᠨ ᠪᠥᠳᠥᠭᠡᠯ ‍ᠢ ᠬᠤᠷᠢᠶᠠᠨ ᠲᠤᠰᠤᠭᠰᠠᠨ ᠪᠥᠭᠡᠳ ᠭᠠᠷ ᠤᠳᠠᠰᠤ ᠪᠡᠷ ᠰᠡᠬᠥᠳᠡᠷᠯᠡᠭᠰᠡᠨ ᠬᠡᠷᠡᠯ ᠵᠢᠷᠤᠭ ‍ᠤᠨ ᠪᠥᠳᠥᠭᠡᠯ ᠨᠢ ᠬᠥᠷᠢᠶ᠎ᠡ ᠭᠡᠪᠴᠢᠶ᠎ᠡ ᠥᠷᠭᠡᠨ᠂ ᠰᠠᠨᠠᠭ᠎ᠠ ᠠᠬᠤᠢ ᠴᠢᠯᠥᠭᠡᠳᠡᠢ᠂ ᠬᠠᠷᠠᠭᠠᠰᠤ ᠴᠡᠭ ᠲᠤᠳᠤᠷᠠᠭᠤᠨ ᠢᠶᠠᠷ ᠰᠥᠨᠢᠳ ᠪᠠᠷᠠᠭᠤᠨ ᠬᠤᠰᠢᠭᠤᠨ ‍ᠤ ᠥᠭᠡᠷᠴᠢᠯᠡᠯᠳᠡ ᠨᠡᠭᠡᠭᠡᠯᠳᠡ᠂ ᠰᠤᠶᠤᠯ ᠢᠷᠭᠡᠨᠰᠢᠯ᠂ ᠵᠠᠡᠭ ᠥᠢᠯᠡ᠂ ᠪᠠᠶᠢᠭᠠᠯᠢ ᠠᠬᠤᠢ ᠶ᠋ᠢ ᠵᠢᠷᠤᠭᠯᠠᠨ ᠲᠤᠳᠤᠷᠠᠭᠤᠯᠵᠤ ᠴᠢᠳᠠᠭᠰᠡᠨ ᠲᠡᠳᠥᠢ ᠥᠭᠡᠢ ᠡᠳᠥᠷ ᠢᠷᠡᠬᠥᠶ᠎ᠡ ᠬᠥᠭᠵᠢᠨ ᠴᠡᠴᠡᠭᠯᠡᠵᠥ ᠪᠠᠶᠢᠭ᠎ᠠ ᠪᠤᠯᠪᠠᠰᠣᠨ ᠠᠮᠢᠳᠤᠷᠠᠯ ‍ᠤᠨ ᠥᠡᠭᠭᠡ ᠲᠥᠷᠬᠥ ᠶ᠋ᠢ ᠨᠡᠶᠢᠳᠡ ᠤᠯᠠᠨ ᠳ᠋ᠤ ᠬᠠᠷᠠᠭᠤᠯᠵᠤ ᠴᠢᠳᠠᠭᠰᠠᠨ ᠪᠠᠶᠢᠨ᠎ᠠ᠃

ᠪᠦᠳᠦᠬᠡᠯ ᠤᠨ ᠦᠵᠡᠰᠬᠦᠯᠡᠩ

    ᠤᠷᠤᠯᠳᠤᠭᠠᠨ ᠨᠢ ᠬᠠᠭᠠᠰ ᠵᠢᠯ ‍ᠤᠨ ᠬᠤᠭᠤᠴᠠᠭᠠᠨ ᠳ᠋ᠤ ᠬᠤᠷᠢᠶᠠᠨ ᠴᠤᠭᠯᠠᠭᠤᠯᠬᠤ ᠠᠵᠢᠯ ‍ᠢ ᠡᠷᠴᠢᠮ ᠲᠠᠢ ᠬᠢᠵᠥ᠂ ᠲᠤᠰᠬᠠᠢ ᠮᠡᠷᠭᠡᠵᠢᠯ ‍ᠤᠨ ᠠᠵᠢᠯ ‍ᠤᠨ ᠬᠥᠮᠥᠰ ‍ᠢ ᠵᠤᠬᠢᠶᠠᠨ ᠪᠠᠶᠢᠭᠤᠯᠤᠨ ᠬᠢᠨᠠᠨ ᠰᠢᠯᠭᠠᠵᠤ ᠤᠷᠢᠳᠠᠪᠠᠷ 50 ᠪᠥᠳᠥᠭᠡᠯ ‍ᠢ ᠰᠢᠯᠢᠨ ᠭᠠᠷᠭᠠᠭᠰᠠᠨ ‍ᠤ ᠰᠠᠭᠤᠷᠢᠨ ᠲᠡᠭᠡᠷ᠎ᠡ ᠲᠠᠬᠢᠨ ᠰᠢᠯᠭᠠᠷᠠᠭᠤᠯᠤᠯᠳᠠ ᠪᠡᠷ ᠲᠠᠮᠵᠢᠨ ᠰᠠᠶᠢᠬᠠᠠᠠᠥ᠋ᠯᠵᠡᠢ ᠰᠤᠮᠤᠨ ‍ᠤ ᠮᠠᠯᠴᠢᠨ ᠨᠠᠷᠠᠠᠮᠠᠨᠳᠣᠬᠤ ᠶ᠋ᠢᠨ《ᠠᠵᠢᠯᠴᠢ ᠠᠶᠢᠯ》 ᠬᠡᠬᠦ ᠪᠥᠳᠥᠭᠡᠯ ᠨᠢ ᠲᠡᠷᠢᠬᠥᠨ ᠪᠠᠶᠢᠷᠢ ᠳ᠋ᠤ ᠲᠤᠳᠤᠷᠠᠵᠤ᠂ ᠡᠷᠢᠶᠡᠠᠨᠠᠭᠤᠷ ᠰᠤᠮᠤᠨ ‍ᠤ ᠮᠠᠯᠴᠢᠨ ᠠᠯᠳᠠᠠᠰᠠᠡᠭ ‍ᠤᠨ《ᠭᠥᠭᠰᠢᠨ ᠬᠠᠶᠢᠯᠠᠰᠤᠨ ‍ᠤ ᠲᠤᠮᠤᠭ》᠂ ᠰᠠᠶᠢᠬᠠᠠᠠᠥ᠋ᠯᠵᠡᠢ ᠰᠤᠮᠤᠨ ‍ᠤ ᠮᠠᠯᠴᠢᠨ ᠠᠯᠳᠠᠠᠬᠤᠸᠠᠷ ‍ᠤᠨ《ᠴᠠᠭᠠᠨ ᠰᠠᠷ᠎ᠠ ᠶ᠋ᠢᠨ ᠪᠤᠤᠵᠠ》᠂ ᠰᠠᠡᠭᠪᠤᠯᠠᠭ ᠰᠤᠮᠤᠨ ᠤ ᠠᠯᠳᠠᠠᠧᠴᠢᠷ ‍ᠤᠨ《ᠠᠡᠭᠬᠠᠨ ‍ᠤ ᠮᠥᠷ》ᠨᠢ ᠬᠤᠶᠠᠳᠤᠭᠠᠷ ᠲᠡᠰ ᠲᠤ ᠲᠤᠳᠤᠷᠠᠵᠤ᠂ ᠰᠠᠶᠢᠬᠠᠠᠥ᠋ᠯᠵᠡᠢ ᠰᠤᠮᠤᠨ ‍ᠤ ᠷᠢᠨᠴᠢᠮ᠎ᠠ ᠶ᠋ᠢᠨ《ᠡᠮᠡᠭᠡ ᠲᠠᠢ ᠪᠡᠨ ᠠᠷᠭᠠᠯ ᠲᠡᠭᠥᠭᠰᠡᠨ ᠨᠢ》 ᠠᠴᠠᠳᠤᠠᠠᠭᠤᠯᠠ ᠰᠤᠮᠤᠨ ‍ᠤ ᠰᠡᠴᠡᠨᠪᠠᠭᠠᠳᠤᠷ ‍ᠤᠨ《ᠲᠡᠮᠡᠭᠡᠳᠥ ᠨᠤᠳᠤᠭ》 ᠵᠢᠷᠥᠭᠡ ᠪᠠᠯᠭᠠᠰᠤᠨ ‍ᠤ ᠥᠯᠵᠡᠶᠢᠳᠡᠯᠭᠡᠷ ‍ᠤᠨ《ᠲᠡᠭᠷᠢ ᠭᠠᠵᠠᠷ ‍ᠤᠨ ᠵᠠᠭᠠᠭ》ᠵᠡᠷᠭᠡ ᠵᠢᠷᠭᠤᠭᠠᠨ ᠪᠥᠳᠥᠭᠡᠯ ᠭᠤᠷᠪᠠᠳᠤᠭᠠᠷ ᠪᠠᠶᠢᠷᠢᠨ ᠳ᠋ᠤ ᠲᠤᠳᠤᠷᠠᠵᠤ᠂ ᠬᠥᠬᠡᠬᠤᠳᠠ ᠳ᠋ᠤ ᠰᠤᠷᠤᠯᠴᠠᠵᠤ ᠪᠠᠶᠢᠭ᠎ᠠ ᠤᠶᠤᠳᠠᠨ ᠰᠤᠷᠳᠠᠯᠳᠤ ᠶ᠋ᠢᠨ《ᠥᠷᠯᠥᠭᠡ ᠶ᠋ᠢᠨ ᠤᠶᠠᠡᠭᠭ᠎ᠠ》ᠵᠡᠷᠭᠡ ᠠᠷᠪᠠᠨ ᠪᠥᠳᠥᠭᠡᠯ ᠰᠢᠯᠢᠳᠡᠭ ᠪᠠᠶᠢᠷᠢᠨ ᠳ᠋ᠤ ᠥᠯᠡᠳᠡᠵᠡᠢ᠃

ᠦᠵᠡᠰᠬᠦᠯᠡᠩ ᠢ ᠰᠤᠨᠢᠷᠬᠠᠵᠤ ᠪᠠᠶᠢᠭ᠎ᠠ ᠬᠦᠮᠦᠰ

    ᠲᠤᠰ ᠤᠳᠠᠭᠠᠨ ‍ᠤ ᠤᠷᠤᠯᠳᠤᠭᠠᠨ ᠨᠢ ᠰᠥᠨᠢᠳ ᠪᠠᠷᠠᠭᠤᠨ ᠬᠤᠰᠢᠭᠤᠨ ᠡᠴᠠ ᠵᠤᠬᠢᠶᠠᠨ ᠪᠠᠶᠢᠭᠤᠯᠵᠤ ᠪᠠᠶᠢᠭ᠎ᠠ ᠥᠪᠡᠷᠳᠡᠭᠡᠨ ᠵᠠᠰᠠᠬᠤ ᠤᠷᠤᠨ ‍ᠤ ᠲᠠᠯᠠᠨ ᠵᠢᠯ ‍ᠤᠨ ᠤᠢ ᠶ᠋ᠢ ᠪᠡᠯᠭᠡᠯᠡᠬᠥ ᠰᠢᠷᠢᠰ ᠠᠵᠢᠯᠯᠠᠭ᠎ᠠ ᠶ᠋ᠢᠨ ᠨᠢᠭᠡ ᠪᠤᠯᠵᠤ ᠪᠠᠶᠢᠭ᠎ᠠ ᠪᠥᠭᠡᠳ ᠬᠤᠰᠢᠭᠤ ᠨᠤᠳᠤᠭ ‍ᠤᠨ ᠭᠠᠳᠠᠭᠠᠳᠤ ᠤᠬᠠᠭᠤᠯᠭ᠎ᠠ᠂ ᠰᠤᠶᠤᠯ ᠤᠷᠠᠯᠢᠭ ᠢᠶᠠᠷ ᠬᠤᠰᠢᠭᠤ ᠪᠠᠨ ᠲᠠᠨᠢᠭᠤᠯᠬᠤ ᠳ᠋ᠤ ᠲᠥᠯᠬᠢᠴᠡ ᠬᠥᠴᠥᠨ ᠪᠤᠯᠬᠤ ᠨᠢ ᠲᠠᠮᠵᠢᠭ ᠥᠭᠡᠢ᠃ ᠲᠤᠰ ᠤᠳᠠᠭᠠᠨ ‍ᠤ ᠠᠵᠢᠯᠯᠠᠭ᠎ᠠ ᠶ᠋ᠢ ᠰᠥᠨᠢᠳ ᠪᠠᠷᠠᠭᠤᠨ ᠬᠤᠰᠢᠭᠤᠨ ‍ᠤ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠡᠴᠠ ᠵᠤᠬᠢᠶᠠᠨ ᠪᠠᠶᠢᠭᠤᠯᠵᠤ ᠡᠷᠬᠢᠯᠡᠨ ᠶᠠᠪᠤᠭᠳᠠᠭᠤᠯᠵᠠᠢ᠃ (ᠲᠠᠮᠤᠴᠢ ᠰᠡᠬᠥᠳᠡᠷᠯᠡᠨ ᠮᠡᠳᠡᠭᠡᠯᠡᠪᠡ )

ᠤᠷᠤᠯᠳᠤᠭᠠᠨ ᠤ ᠪᠦᠳᠦᠬᠡᠯ

ᠤᠷᠤᠯᠳᠤᠭᠠᠨ ᠤ ᠪᠦᠳᠦᠬᠡᠯ

ᠢᠷᠡᠯᠳᠡ᠄ ᠰᠢᠨᠬᠤᠧᠠ ᠮᠤᠩᠭᠤ᠋ᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121141755