蒙古文网站Logo
ᠰᠢᠨᠬᠤᠸᠠ ᠮᠤᠩᠭ᠋ᠤᠯ ᠨᠧᠲ

ᠬᠦᠮᠦᠰ ᠲᠤ ᠳᠠᠨᠢᠭᠳᠠᠭ᠎ᠠ ᠦᠬᠡᠢ ᠦᠨᠳᠦᠰᠦᠳᠡᠨ ᠤ ᠪᠡᠶ᠎ᠡ ᠶᠢᠨ ᠳᠠᠮᠢᠷ - ᠰᠢᠳᠠᠮ ᠳᠠᠳᠠᠬᠤ

2017-06-16 09:59

6 ᠰᠠᠷ᠎ᠠ ᠶᠢᠨ 15 ᠤ ᠡᠳᠦᠷ᠂ ᠬᠦᠬᠡᠨᠠᠭᠤᠷ ᠮᠤᠵᠢ ᠶᠢᠨ ᠬᠠᠶᠢᠪᠧᠢ ᠳᠦᠪᠡᠳ ᠦᠨᠳᠦᠰᠦᠳᠡᠨ ᠤ ᠦᠪᠡᠷᠳᠡᠬᠡᠨ ᠵᠠᠰᠠᠬᠤ ᠵᠧᠤ ᠶᠢᠨ ᠴᠢ ᠯᠢᠶᠠᠨ ᠰᠢᠶᠠᠨ ᠤ ᠰᠠᠷᠯᠤᠭ ᠤᠨ ᠭᠤᠤ ᠰᠢᠶᠠᠩ ᠤᠨ ᠮᠠᠯᠴᠢᠳ ᠰᠢᠳᠠᠮ ᠳᠠᠳᠠᠬᠤ ᠳᠡᠮᠡᠴᠡᠬᠡᠨ ᠳᠤ ᠤᠷᠤᠯᠴᠠᠵᠤ ᠪᠠᠶᠢᠭ᠎ᠠ ᠨᠢ (ᠵᠢᠷᠤᠭ ᠢ ᠰᠢᠨᠬᠤᠧᠠ ᠬᠤᠷᠢᠶᠠᠨ ᠤ ᠰᠤᠷᠪᠤᠯᠵᠢᠯᠠᠭᠴᠢ ᠡᠤ ᠭᠠᠩ)

    ᠰᠢᠳᠠᠮ ᠳᠠᠳᠠᠬᠤ ᠪᠤᠯ ᠬᠦᠬᠡᠨᠠᠭᠤᠷ ᠳᠦᠪᠡᠳ ᠤᠨ ᠦᠨᠳᠦᠷᠯᠢᠭ ᠲᠡᠬᠢ ᠳᠦᠪᠡᠳ ᠦᠨᠳᠦᠰᠦᠳᠡᠨ ᠤ ᠢᠷᠬᠡᠳ ᠤᠨ ᠳᠤᠮᠳᠠ ᠦᠷᠬᠡᠨ ᠢᠶᠡᠷ ᠳᠠᠷᠬᠠᠨ ᠤᠯᠠᠮᠵᠢᠯᠠᠭᠳᠠᠵᠤ ᠢᠷᠡᠭᠰᠡᠨ ᠦᠪᠡᠷᠮᠢᠴᠡ ᠤᠨᠴᠠᠯᠢᠭ ᠪᠦᠬᠦᠢ ᠪᠡᠶ᠎ᠡ ᠶᠢᠨ ᠳᠠᠮᠢᠷ ᠤᠨ ᠳᠦᠷᠦᠯ ᠵᠦᠢᠯ ᠪᠤᠯᠤᠨ᠎ᠠ᠃ ᠳᠡᠮᠡᠴᠡᠬᠡᠨ ᠢ ᠬᠤᠶᠠᠷ ᠬᠤᠶᠠᠷ ᠬᠦᠮᠦᠨ ᠢᠶᠡᠷ ᠳᠤᠬᠢᠷᠠᠭᠤᠯᠳᠠᠭ᠂ ᠦᠷᠢᠰᠦᠯᠳᠦᠭᠴᠢ ᠨᠢ ᠭᠠᠵᠠᠷ ᠳᠡᠬᠡᠷ᠎ᠡ ᠡᠰᠡᠷᠬᠦᠯᠡᠨ ᠰᠠᠭᠤᠭᠠᠳ ᠬᠠᠷᠢᠯᠴᠠᠨ ᠬᠦᠯ ᠤᠨ ᠤᠯᠠ ᠪᠡᠨ ᠨᠡᠶᠢᠯᠡᠬᠦᠯᠦᠨ ᠬᠤᠶᠠᠷ ᠭᠠᠷ ᠢᠶᠡᠷ ᠢᠶᠡᠨ ᠮᠤᠳᠤᠨ ᠰᠢᠳᠠᠮ ᠪᠠᠷᠢᠵᠤ ᠳᠠᠳᠠᠯᠴᠠᠨ᠎ᠠ᠂ ᠬᠡᠨ ᠨᠢ ᠨᠦᠬᠦᠬᠡᠳᠡᠬᠢ ᠪᠡᠨ ᠳᠠᠳᠠᠵᠤ ᠪᠤᠰᠬᠠᠭᠰᠠᠨ ᠪᠤᠯ ᠳᠡᠷᠡ ᠬᠦᠮᠦᠨ ᠨᠢ ᠢᠯᠠᠳᠠᠭ᠃ ᠡᠨᠡ ᠨᠢ ᠮᠦᠨ ᠴᠤ ᠨᠢᠷᠤᠭᠤᠨ ᠳᠠᠮᠢᠷ ᠢ ᠨᠡᠮᠡᠭᠳᠡᠬᠦᠯᠬᠦ ᠦᠷ᠎ᠡ ᠳ᠋ᠦᠩ ᠲᠠᠢ ᠳᠠᠰᠬᠠᠯ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121154044