蒙古文网站Logo
ᠰᠢᠨᠬᠤᠸᠠ ᠮᠤᠩᠭ᠋ᠤᠯ ᠨᠧᠲ

ᠠᠷᠠᠰᠤᠨ ᠤᠷᠠᠯᠠᠯ ᠤᠨ ᠮᠣᠩᠭᠣᠯ ᠵᠠᠯᠠᠭᠤ ᠤᠷᠠᠯᠢᠭᠴᠢᠨ

2017-06-21 11:20

6 ᠰᠠᠷ᠎ᠠ ᠶᠢᠨ 19 ᠤ ᠡᠳᠦᠷ᠂ ᠬᠦᠬᠡᠬᠤᠲᠠ ᠶᠢᠨ ᠢᠦᠶᠢᠴᠢᠤᠸᠨ ᠲᠤᠭᠤᠷᠢᠭ ᠤᠨ ᠳ᠋ᠠ ᠱᠸᠩ ᠺᠦᠢ ᠰᠤᠶᠤᠯ ᠤᠨ ᠬᠦᠷᠢᠶᠡᠯᠡᠩ ᠳᠤ ᠠᠷᠠᠰᠤᠨ ᠤᠷᠠᠯᠢᠬᠴᠢᠨ ᠠᠷᠠᠰᠤᠨ ᠬᠢᠴᠠ ᠲᠠᠢ ᠬᠠᠨ᠎ᠠ ᠶᠢᠨ ᠵᠢᠷᠤᠭ ᠦᠢᠯᠡᠳᠴᠦ ᠪᠠᠶᠢᠭ᠎ᠠ ᠨᠢ

    ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠢᠦᠶᠢᠴᠢᠤᠸᠨ ᠲᠤᠭᠤᠷᠢᠭ ᠤᠨ ᠳ᠋ᠠ ᠱᠸᠩ ᠺᠦᠢ ᠰᠤᠶᠤᠯ ᠤᠨ ᠬᠦᠷᠢᠶᠡᠯᠡᠩ ᠳᠤ ᠮᠣᠩᠭᠣᠯ ᠠᠷᠠᠰᠤᠨ ᠤᠷᠠᠯᠠᠯ ᠤᠨ ᠤᠷᠳᠤᠨ ᠪᠤᠢ᠃ ᠮᠦᠷᠡᠨ 2007 ᠤᠨ ᠳᠤ ᠦᠪᠦᠷ ᠮᠣᠩᠭᠣᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠲᠡᠭᠡᠲᠤ ᠰᠤᠷᠭᠠᠭᠤᠯᠢ ᠡᠴᠡ ᠲᠡᠭᠦᠰᠦᠭᠰᠡᠨ ᠤ ᠳᠠᠷᠠᠭ᠎ᠠ ᠡᠨᠡᠬᠦ《 ᠮᠦᠷᠡᠨ· ᠲᠠᠷᠬᠠᠨ》 ᠠᠷᠠᠰᠤᠨ ᠤᠷᠠᠯᠠᠯ ᠤᠨ ᠠᠵᠢᠯᠯᠠᠬᠤ ᠦᠷᠦᠭᠡ ᠶᠢ ᠪᠠᠶᠢᠭᠤᠯᠪᠠ᠃ ᠬᠡᠰᠡᠭ ᠬᠡᠰᠡᠭ ᠠᠷᠠᠰᠤ ᠰᠢᠷᠢ ᠶᠢ ᠤᠷᠠᠨ ᠰᠡᠳᠭᠢᠮᠵᠢ ᠲᠠᠢ ᠲᠦᠰᠦᠪᠯᠡᠨ ᠨᠢᠭᠡ ᠨᠢᠭᠡ ᠪᠡᠷ ᠰᠡᠶᠢᠯᠵᠤ᠂ ᠬᠡᠪ ᠳᠠᠷᠤᠨ᠂ ᠵᠦᠢᠵᠤ ᠡᠰᠭᠡᠨ᠂ ᠪᠤᠲᠤᠨ ᠵᠢᠷᠤᠵᠤ ᠠᠷᠠᠰᠤᠨ ᠤᠷᠠᠯᠠᠯ ᠤᠨ ᠪᠦᠲᠦᠭᠡᠭ᠍ᠲᠡᠭᠦᠨ ᠢ ᠬᠢᠵᠤ ᠭᠠᠷᠭᠠᠳᠠᠭ᠃ ᠡᠳᠡᠭᠡᠷ ᠤᠷᠠᠨ ᠰᠠᠶᠢᠬᠠᠨ ᠬᠢᠴᠡ ᠲᠠᠢ ᠡᠳ᠋ᠯᠠᠯ ᠨᠢ ᠬᠦᠮᠦᠰ ᠤᠨ ᠲᠠᠭᠠᠰᠢᠶᠠᠯ ᠳᠤ ᠬᠦᠷᠴᠤ ᠠᠷᠠᠯᠵᠢᠶᠠᠨ ᠤ ᠲᠤᠬᠢᠶᠠᠯ ᠤᠯᠭᠤᠵᠠᠢ᠃ ᠭᠤᠤᠯᠳᠠᠭᠤ ᠨᠸᠲ ᠢᠶᠡᠷ ᠪᠦᠲᠦᠭᠡᠭ᠍ᠲᠡᠬᠦᠨ ᠢᠶᠡᠨ ᠪᠤᠷᠤᠯᠠᠭᠤᠯᠬᠤ᠂ ᠬᠤᠳᠠᠯᠳᠤᠭᠠᠨ ᠤ ᠳᠡᠯᠭᠡᠭᠦᠷ ᠢᠶᠡᠷ ᠬᠦᠷᠴᠤ ᠪᠤᠷᠤᠯᠠᠭᠤᠯᠬᠤ ᠪᠤᠶᠤ ᠦᠵᠡᠰᠭᠦᠯᠡᠩ ᠳᠤ ᠤᠷᠤᠯᠴᠠᠳᠠᠭ᠃ ᠮᠣᠩᠭᠣᠯ ᠰᠤᠶᠤᠯ ᠤᠨ ᠡᠯᠸᠮᠸᠨ᠋ᠲ ᠠᠭᠤᠯᠤᠭᠰᠠᠨ ᠠᠷᠠᠰᠤᠨ ᠤᠷᠠᠯᠠᠯ ᠨᠢ ᠬᠦᠮᠦᠰ ᠲᠤ ᠲᠠᠭᠠᠰᠢᠶᠠᠭᠳᠠᠭᠰᠠᠭᠠᠷ ᠪᠢᠯᠡ᠃ ( ᠵᠢᠷᠤᠭ ᠢ ᠳ᠋ᠢᠩ ᠭ᠍ᠸᠨ ᠾᠸᠤ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121182462