蒙古文网站Logo
ᠰᠢᠨᠬᠤᠸᠠ ᠮᠤᠩᠭ᠋ᠤᠯ ᠨᠧᠲ

ᠲᠦᠩᠯᠢᠶᠣᠣ ᠬᠣᠲᠠ ᠶ᠋ᠢᠨ ᠦᠨᠳᠦᠰᠦᠲᠡᠨ ᠦ ᠳᠠᠭᠤᠤ ᠪᠦᠵᠢᠭ᠌ ᠦᠨ ᠪᠦᠯᠬᠦᠮ ᠦᠨ《ᠤᠪᠤᠭᠠᠨ ᠳᠡᠷᠭᠡᠳᠡᠬᠢ ᠠᠭᠤᠯᠵᠠᠯᠲᠠ》ᠬᠣᠷᠴᠢᠨ ᠳᠠᠭᠤᠤ ᠬᠦᠭᠵᠢᠮ ᠦᠨ ᠦᠳᠡᠰᠢᠯᠡᠭᠡ ᠪᠡᠭᠡᠵᠢᠩ ᠳ᠋ᠦ ᠪᠣᠯᠪᠠ

2017-07-06 15:20

    ᠠᠷᠠᠳ ᠤᠨ ᠰᠦᠯᠵᠢᠶ᠎ᠡ ᠶ᠋ᠢᠨ ᠮᠡᠳᠡᠭᠡ ᠶᠢ ᠦᠨᠳᠦᠰᠦᠯᠡᠪᠡᠯ᠂ 7 ᠰᠠᠷ᠎ᠠ ᠶᠢᠨ 4 ᠦ ᠤᠷᠤᠢ ᠲᠦᠩᠯᠢᠶᠣᠣ ᠬᠣᠲᠠ ᠶ᠋ᠢᠨ ᠦᠨᠳᠦᠰᠦᠲᠡᠨ ᠦ ᠳᠠᠭᠤᠤ ᠪᠦᠵᠢᠭ᠌ ᠦᠨ ᠪᠦᠯᠬᠦᠮ ᠦᠨ ᠥᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠦᠨ ᠣᠢ ᠶ᠋ᠢ ᠪᠠᠶᠠᠷᠯᠠᠨ ᠪᠡᠯᠭᠡᠯᠡᠬᠦ《ᠤᠪᠤᠭᠠᠨ ᠳᠡᠷᠭᠡᠳᠡᠬᠢ ᠠᠭᠤᠯᠵᠠᠯᠲᠠ》ᠬᠣᠷᠴᠢᠨ ᠳᠠᠭᠤᠤ ᠬᠦᠭᠵᠢᠮ ᠦᠨ ᠦᠳᠡᠰᠢᠯᠡᠭᠡ ᠪᠡᠭᠡᠵᠢᠩ ᠦᠨ ᠪᠣᠥ ᠯᠢ ᠵᠦᠴᠦᠭᠡ ᠶ᠋ᠢᠨ ᠬᠦᠷᠢᠶᠡᠯᠡᠩ ᠳ᠋ᠦ ᠶᠠᠪᠤᠭᠳᠠᠭᠰᠠᠨ ᠪᠠᠶᠢᠨ᠎ᠠ᠃

    ᠦᠳᠡᠰᠢᠯᠡᠭᠡ ᠨᠢ《ᠬᠦᠳᠡᠭᠡ ᠶ᠋ᠢᠨ ᠳᠠᠭᠤᠯᠠᠯ》᠂ 《ᠪᠠᠭᠠᠲᠤᠷ ᠤᠨ ᠳᠠᠭᠤᠯᠠᠯ》᠂ 《ᠢᠨᠠᠭ ᠤᠨ ᠳᠠᠭᠤᠤ》᠂《ᠮᠠᠭᠲᠠᠭᠠᠯ ᠳᠠᠭᠤᠤ》ᠵᠡᠷᠭᠡ ᠳᠦᠷᠪᠡᠨ ᠪᠦᠯᠦᠭ ᠲᠦ ᠬᠤᠪᠢᠶᠠᠭᠳᠠᠨ ᠶᠠᠪᠤᠭᠳᠠᠵᠤ《ᠲᠡᠭᠷᠢ ᠶ᠋ᠢᠨ ᠰᠠᠯᠬᠢ》᠂ 《ᠠᠯᠲᠠᠨ ᠭᠤᠷᠭᠤᠤᠯᠳᠠᠢ》᠂ 《ᠳᠦᠷᠪᠡᠨ ᠳᠠᠯᠠᠢ》᠂ 《ᠭᠠᠳᠠ ᠮᠠᠶᠢᠷᠠᠨ》᠂ 《ᠲᠦᠮᠡᠨ ᠠᠭᠲᠠ ᠶ᠋ᠢᠨ ᠲᠦᠪᠡᠷᠭᠡᠨ》᠂ 《ᠵᠢᠨᠬᠤᠸᠠᠷ》᠂《ᠸᠠᠨ ᠯᠢ》᠂ 《ᠤᠪᠤᠭᠠᠨ ᠳᠡᠷᠭᠡᠳᠡᠬᠢ ᠠᠭᠤᠯᠵᠠᠯᠲᠠ》᠂ 《ᠬᠥᠬᠡ ᠲᠡᠭᠷᠢ ᠳᠣᠣᠷᠠᠬᠢ ᠬᠣᠷᠴᠢᠨ ᠨᠤᠲᠤᠭ》᠁ ᠵᠡᠷᠭᠡ ᠡᠣᠯᠠᠨ ᠰᠠᠶᠢᠬᠠᠨ ᠠᠷᠠᠳ ᠤᠨ ᠳᠠᠭᠤᠤ ᠶ᠋ᠢᠨ ᠢᠶᠡᠨ ᠠᠶᠠᠰ ᠢᠶᠠᠷ ᠦᠵᠡᠭᠴᠢ ᠣᠯᠠᠨ ᠤ ᠰᠡᠳᠬᠢᠯ ᠢ ᠪᠠᠶᠠᠰᠬᠠᠵᠤ᠂ ᠰᠣᠨᠣᠰᠤᠭᠴᠢ ᠪᠦᠬᠦᠨ ᠦ ᠰᠣᠨᠣᠷ ᠢ ᠮᠢᠯᠢᠶᠠᠭᠰᠠᠨ ᠪᠠᠶᠢᠨ᠎ᠠ᠃ ᠡᠭᠦᠨ ᠡᠴᠡ ᠭᠠᠳᠠᠨ᠎ᠠ᠂ ᠮᠣᠷᠢᠨ ᠬᠤᠭᠤᠷ ᠤᠨ ᠶᠡᠬᠡ ᠪᠠᠭᠰᠢ ᠴᠢ‍•ᠪᠤᠯᠠᠭ ᠬᠦᠷᠦᠯᠴᠡᠨ ᠢᠷᠡᠵᠦ᠂ ᠪᠦᠵᠢᠭ ᠳᠠᠭᠤᠤ ᠬᠠᠪᠰᠤᠷᠭᠠᠭᠰᠠᠨ ᠡᠨᠡ ᠬᠦ ᠨᠠᠶᠢᠷ ᠲᠤ ᠬᠦᠷ ᠨᠠᠷᠭᠢᠶᠠᠨ ᠨᠡᠮᠡᠷᠢᠯᠡᠭᠰᠡᠨ ᠪᠠᠶᠢᠨ᠎ᠠ᠃

    ᠲᠦᠩᠯᠢᠶᠣᠣ ᠬᠣᠲᠠ ᠶ᠋ᠢᠨ ᠦᠨᠳᠦᠰᠦᠲᠡᠨ ᠦ ᠳᠠᠭᠤᠤ ᠪᠦᠵᠢᠭ᠌ ᠦᠨ ᠪᠦᠯᠬᠦᠮ ᠨᠢ ᠥᠪᠥᠷ ᠮᠣᠩᠭᠣᠯ ᠤᠨ ᠵᠡᠭᠦᠨ ᠪᠡᠶ᠎ᠡ ᠶ᠋ᠢᠨ ᠠᠶᠢᠮᠠᠭ ᠤᠨ ᠱᠠᠲᠤᠨ ᠤ ᠲᠣᠭᠯᠠᠯᠲᠠ ᠶ᠋ᠢᠨ ᠪᠦᠯᠬᠦᠮ ᠪᠣᠯᠣᠨ᠎ᠠ᠃ ᠪᠦᠯᠬᠦᠮ ᠳ᠋ᠦ ᠪᠠᠨ ᠨᠠᠶᠢᠷᠠᠯ ᠬᠦᠭᠵᠢᠮ ᠦᠨ ᠪᠦᠯᠬᠦᠮ᠂ ᠠᠷᠠᠳ ᠤᠨ ᠬᠦᠭᠵᠢᠮ ᠦᠨ ᠳᠤᠭᠤᠶᠢᠯᠠᠩ᠂ ᠨᠠᠶᠢᠷᠠᠯ ᠳᠠᠭᠤᠤ ᠶ᠋ᠢᠨ ᠠᠩᠭᠢ᠂ ᠪᠦᠵᠢᠭ᠌ ᠦᠨ ᠳᠤᠭᠤᠶᠢᠯᠠᠩ᠂ ᠲᠤᠰᠬᠠᠢ ᠮᠡᠷᠭᠡᠵᠢᠯ ᠦᠨ ᠳᠤᠭᠤᠶᠢᠯᠠᠩ ᠲᠠᠢ᠃ ᠨᠡᠶᠢᠲᠡ 145 ᠲᠣᠭᠯᠠᠭᠴᠢ ᠶᠢᠨ ᠬᠢᠨᠢ 13 ᠨᠢ ᠤᠯᠤᠰ ᠤᠨ ᠨᠢᠭᠡᠳᠦᠭᠡᠷ ᠳᠡᠰ ᠦᠨ ᠲᠣᠭᠯᠠᠭᠴᠢ᠂ 34 ᠨᠢ ᠤᠯᠤᠰ ᠤᠨ ᠬᠣᠶᠠᠳᠤᠭᠠᠷ ᠳᠡᠰ ᠦᠨ ᠲᠣᠭᠯᠠᠭᠴᠢ᠃ ᠲᠤᠰ ᠪᠦᠯᠬᠦᠮ ᠨᠢ ᠮᠣᠩᠭᠣᠯ ᠦᠨᠳᠦᠰᠦᠲᠡᠨ ᠦ ᠲᠠᠶᠢᠰᠠᠨ ᠤ ᠤᠷᠠᠯᠢᠭ ᠤᠨ ᠵᠣᠬᠢᠶᠠᠨ ᠪᠦᠲᠦᠭᠡᠯᠭᠡ ᠬᠢᠭᠡᠳ ᠲᠣᠭᠯᠠᠯᠲᠠ ᠶᠢᠨ ᠲᠠᠯ᠎ᠠ ᠪᠠᠷ ᠬᠦᠴᠦᠯᠡᠨ ᠴᠢᠷᠮᠠᠶᠢᠭᠰᠠᠨ ᠡᠴᠠ ᠡᠭᠦᠳᠦᠨ ᠲᠣᠭᠯᠠᠭᠰᠠᠨ ᠲᠣᠮᠣ ᠬᠡᠯᠪᠡᠷᠢ ᠶ᠋ᠢᠨ ᠲᠠᠶᠢᠰᠠᠨ ᠤ ᠵᠦᠴᠦᠭᠡ ᠪᠠ ᠳᠠᠭᠤᠤ ᠪᠦᠵᠢᠭ᠌ ᠦᠨ ᠲᠣᠭᠯᠠᠯᠲᠠ ᠨᠢ ᠤᠯᠤᠰ ᠲᠠᠶᠠᠭᠠᠷ ᠪᠠ ᠥᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠤ ᠲᠤᠰᠬᠠᠢ ᠮᠡᠷᠭᠡᠵᠢᠯ ᠦᠨ ᠱᠠᠩᠨᠠᠯ ᠢ ᠣᠯᠠᠨᠲᠠ ᠲᠤᠰᠴᠤ ᠥᠩᠭᠡᠷᠡᠭᠰᠡᠨ ᠪᠦᠭᠡᠳ ᠤᠯᠤᠰ ᠢ ᠲᠦᠯᠦᠭᠡᠯᠡᠨ ᠭᠧᠷᠮᠠᠨ᠂ ᠬᠣᠯᠠᠨᠳ᠋᠂ ᠪᠧᠯᠭᠢ᠂ ᠹᠷᠠᠨᠼᠢ᠂ ᠢᠰᠫᠠᠨᠢ᠂ ᠡᠨᠡᠳᠬᠡᠭ᠂ ᠶᠠᠫᠤᠨ᠂ ᠺᠤᠷᠢᠶᠠ᠂ ᠮᠣᠩᠭᠣᠯ᠂ ᠶᠧᠵᠢᠫᠲ᠂ ᠡᠧᠷᠢᠲ᠋ᠷᠧᠶᠠ ᠵᠡᠷᠭᠡ ᠡᠸᠦ᠋ᠷᠦᠫᠡ᠂ ᠠᠽᠢᠶ᠎ᠠ᠂ ᠠᠹᠷᠢᠺᠠ ᠲᠢᠪ ᠦᠨ ᠣᠯᠠᠨ ᠤᠯᠤᠰ ᠢᠶᠠᠷ ᠰᠣᠷᠪᠤᠯᠵᠢᠯᠠᠨ ᠲᠣᠭᠯᠠᠵᠤ ᠶᠠᠪᠤᠵᠠᠢ᠃ (ᠳᠤᠷᠤᠨ᠎ᠠ)

ᠢᠷᠡᠯᠳᠡ᠄ ᠠᠷᠠᠳ ᠤᠨ ᠰᠦᠯᠵᠢᠶ᠎ᠡ  ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121275496