蒙古文网站Logo
ᠰᠢᠨᠬᠤᠸᠠ ᠮᠤᠩᠭ᠋ᠤᠯ ᠨᠧᠲ

ᠮᠣᠩᠭ᠋ᠤᠯ ᠤᠯᠤᠰ ᠤᠨ ᠶᠡᠷᠦᠩᠬᠡᠶᠢᠯᠡᠭᠴᠢ ᠮᠣᠷᠢᠨ ᠬᠤᠭᠤᠷᠴᠢ ᠴᠢ‍ • ᠪᠤᠯᠠᠭ  ᠢ ᠠᠯᠲᠠᠨ ᠭᠠᠳᠠᠰᠤ ᠤᠳᠤᠨ  ᠢᠶᠡᠷ ᠱᠠᠩᠨᠠᠯ᠎ᠠ

2017-07-07 08:34

    ᠰᠢᠨᠬᠤᠧᠠ ᠬᠤᠷᠢᠶ᠎ᠠ  ᠤᠯᠠᠭᠠᠨᠪᠠᠭᠠᠲᠤᠷ ᠤᠨ 7 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠠᠰᠬᠠᠨ) 6 ᠤ ᠡᠳᠦᠷ᠂ ᠮᠣᠩᠭ᠋ᠤᠯ ᠤᠯᠤᠰ ᠤᠨ ᠶᠡᠷᠦᠩᠬᠡᠶᠢᠯᠡᠭᠴᠢ ᠡᠯᠪᠡᠭ᠍ᠳᠤᠷᠵᠢ ᠵᠠᠷᠯᠢᠭ ᠭᠠᠷᠭᠠᠵᠤ ᠳᠤᠮᠳᠠᠳᠤ ᠤᠯᠤᠰ ᠤᠨ ᠠᠯᠳᠠᠷᠲᠤ ᠮᠣᠷᠢᠨ ᠬᠤᠭᠤᠷᠴᠢ ᠴᠢ‍ • ᠪᠤᠯᠠᠭ ᠢ ᠠᠯᠲᠠᠨ ᠭᠠᠳᠠᠰᠤ ᠤᠳᠤᠨ  ᠢᠶᠡᠷ ᠱᠠᠩᠨᠠᠯ᠎ᠠ᠃

    ᠮᠣᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠤᠯᠠᠨ ᠨᠡᠶᠢᠲᠠ ᠶᠢᠨ ᠬᠠᠷᠢᠯᠴᠠᠭᠠᠨ ᠤ ᠪᠤᠳᠤᠯᠭ᠎ᠠ ᠶᠢᠨ ᠵᠦᠪᠯᠡᠬᠦ ᠭᠠᠩᠪᠠᠭᠠᠲᠤᠷ᠂ ᠳᠤᠮᠳᠠᠳᠤ ᠤᠯᠤᠰ ᠤᠨ ᠨᠢᠬᠡᠳᠤᠭᠡᠷ ᠵᠡᠷᠭᠡᠯᠡᠯ ᠤᠨ ᠲᠤᠬᠯᠠᠬᠴᠢ᠂ ᠤᠯᠤᠰ ᠤᠨ ᠵᠡᠷᠭᠡᠯᠡᠯ ᠤᠨ ᠪᠡᠶᠡᠲᠤ ᠪᠤᠰᠤ ᠰᠤᠶᠤᠯ ᠤᠨ ᠦᠪ ᠲᠡᠭᠡᠭᠡᠭ᠍ᠴᠢ᠂ ᠳᠤᠮᠳᠠᠳᠤ ᠤᠯᠤᠰ ᠤᠨ ᠮᠣᠷᠢᠨ ᠬᠤᠭᠤᠷ ᠤᠨ ᠨᠡᠶᠢᠬᠡᠮᠯᠢᠭ᠌ ᠤᠨ ᠳᠠᠷᠤᠭ᠎ᠠ ᠴᠢ‍ • ᠪᠤᠯᠠᠭ ᠭᠤᠧᠠᠢ ᠮᠣᠷᠢᠨ ᠬᠤᠭᠤᠷ ᠤᠨ ᠬᠦᠭ᠍ᠵᠢᠯ ᠴᠡᠴᠡᠭᠯᠡᠯ ᠳᠤ ᠴᠢᠬᠤᠯᠠ ᠬᠤᠪᠢ ᠨᠡᠮᠡᠷᠢ ᠦᠵᠡᠭᠦᠯᠤᠭ᠍ᠰᠠᠨ ᠲᠡᠳᠤᠢ ᠦᠬᠡᠢ ᠳᠡᠯᠡᠬᠡᠢ ᠳᠤ ᠲᠦᠭᠡᠭ᠍ᠰᠡᠨ ᠤᠯᠠᠨ ᠰᠠᠶᠢᠬᠠᠨ ᠱᠠᠪᠢ ᠬᠦᠮᠦᠵᠢᠭᠦᠯᠦᠭᠰᠠᠨ ᠶᠤᠮ ᠬᠡᠵᠤ ᠢᠯᠡᠷᠬᠡᠢᠯᠡᠪᠡ᠃ ᠮᠣᠩ᠋ᠭᠤᠯ ᠤᠯᠤᠰ ᠤᠨ ᠠᠯᠲᠠᠨ ᠭᠠᠳᠠᠰᠤ ᠤᠳᠤᠨ ᠱᠠᠩᠨᠠᠯ ᠢ 1936 ᠤᠨ ᠡᠴᠡ ᠡᠬᠢᠯᠡᠨ ᠪᠠᠶᠢᠭᠤᠯᠵᠤ᠂ ᠭᠤᠤᠯᠳᠠᠭᠤ ᠡᠯ᠎ᠠ ᠠᠵᠢᠯ ᠲᠦᠷᠦᠯ ᠤᠨ ᠳᠤᠮᠳᠠ ᠭᠠᠷᠮᠠᠭᠠᠢ ᠬᠤᠪᠢ ᠨᠡᠮᠡᠷᠢ ᠦᠵᠡᠭᠦᠯᠦᠭᠰᠠᠨ ᠮᠤᠩ᠋ᠭᠤᠯ ᠤᠯᠤᠰ ᠤᠨ ᠢᠷᠭᠡᠨ ᠪᠠ  ᠭᠠᠳᠠᠭᠠᠲᠤ ᠶᠢᠨ ᠬᠦᠮᠦᠰ ᠲᠤ ᠱᠠᠩᠨᠠᠳᠠᠭ᠃ ᠲᠤᠰ ᠱᠠᠩᠨᠠᠯ ᠨᠢ ᠮᠣᠩ᠋ᠭᠤᠯ ᠤᠯᠤᠰ ᠤᠨ ᠱᠠᠩᠨᠠᠯ ᠤᠨ ᠤᠳᠤᠨ ᠪᠠ ᠮᠧᠳᠠᠯ ᠤᠨ ᠳᠤᠮᠳᠠ ᠨᠡᠯᠢᠶᠡᠳ ᠦᠨᠳᠦᠷ ᠵᠡᠷᠭᠡᠯᠡᠯ ᠲᠠᠢ ᠱᠠᠩᠨᠠᠯ ᠪᠤᠯᠤᠨ᠎ᠠ᠃

    73 ᠨᠠᠰᠤᠲᠠᠢ ᠴᠢ‍ • ᠪᠤᠯᠠᠭ ᠮᠣᠷᠢᠨ ᠬᠤᠭᠤᠷ ᠲᠠᠢ ᠨᠦᠬᠦᠷᠯᠡᠭᠡᠳ 60 ᠰᠢᠬᠠᠮ ᠵᠢᠯ ᠪᠤᠯᠤᠯ᠎ᠠ᠃ ᠲᠡᠷᠡᠪᠡᠷ ᠦᠷᠦᠨᠡᠳᠠᠬᠢᠨ ᠤ ᠬᠢᠬᠢᠯᠢ ᠶᠢᠨ ᠬᠦᠭ᠍ᠵᠢᠮᠳᠡᠬᠦ ᠠᠷᠭ᠎ᠠ ᠶᠢ ᠰᠤᠷᠴᠤ᠂ ᠮᠣᠷᠢᠨ ᠬᠤᠭᠤᠷ ᠤᠨ ᠵᠠᠬᠪᠤᠷ ᠵᠢᠴᠢ ᠳᠠᠭᠤᠨ ᠤ ᠰᠤᠷᠪᠤᠯᠵᠢ ᠶᠢ ᠠᠮᠵᠢᠯᠲᠠ ᠲᠠᠢ ᠥᠭᠡᠷᠡᠴᠢᠯᠡᠵᠤ ᠪᠦᠲᠦᠭᠡᠵᠡᠢ᠃ ᠳᠡᠯᠡᠬᠡᠢ ᠶᠢᠨ ᠵᠡᠷᠭᠡᠯᠡᠯ ᠤᠨ ᠮᠣᠷᠢᠨ ᠬᠤᠭᠤᠷᠴᠢ ᠪᠤᠯᠤᠭᠰᠠᠨ ᠤ ᠬᠤᠪᠢ ᠳᠤ ᠂ ᠴᠢ‍ • ᠪᠤᠯᠠᠭ ᠳᠡᠯᠡᠬᠡᠢ ᠶᠢᠨ ᠡᠯ᠎ᠠ ᠭᠠᠵᠡᠷ ᠢᠶᠡᠷ ᠬᠡᠳᠤᠨ ᠵᠠᠭᠤᠨ ᠲᠠᠯᠠᠪᠤᠷ ᠳᠠᠭᠤᠤ ᠬᠦᠭ᠍ᠵᠢᠮ ᠤᠨ ᠲᠤᠭᠯᠠᠯᠲᠠ ᠵᠣᠬᠢᠶᠠᠨ ᠪᠠᠶᠢᠭᠤᠯᠤᠭᠰᠠᠨ ᠪᠦᠬᠡᠳ ᠲᠡᠬᠦᠨ ᠤ ᠵᠣᠬᠢᠶᠠᠨ ᠪᠦᠲᠦᠭᠡᠭ᠍ᠰᠡᠨ 《ᠲᠦᠮᠠᠨ ᠠᠬᠲᠠ ᠶᠢᠨ ᠲᠦᠪᠡᠷᠭᠡᠨ》ᠵᠡᠷᠭᠡ ᠠᠶ᠎ᠠ ᠨᠢ ᠳᠡᠯᠡᠬᠡᠢ ᠳᠤ ᠠᠯᠳᠠᠷᠰᠢᠬᠰᠠᠨ ᠪᠢᠯᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121278792