蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ ᠲᠡᠷᠯᠢᠭ᠌᠌  ᠤᠨ 《ᠰᠡᠷᠭᠦᠭᠡᠯᠳᠡ》 ᠨᠢ ᠮᠤᠳ᠋ ᠡᠮᠦᠰᠬᠡᠯ ᠪᠤᠯᠪᠠ

2017-07-18 11:30

    ᠰᠢᠨᠬᠤᠸᠠ ᠬᠤᠷᠢᠶ᠎ᠠ ᠬᠦᠬᠡᠬᠤᠳᠠ ᠶᠢᠨ 7 ᠰᠠᠷ᠎ᠠ ᠶᠢᠨ 15 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠸᠠᠩ ᠴᠦᠨ ᠶᠠᠨ) ᠬᠦᠬᠡᠬᠤᠳᠠ ᠳᠤ ᠠᠵᠢᠯᠯᠠᠵᠤ ᠪᠠᠶᠢᠭ᠎ᠠ ᠠᠷᠢᠭᠤᠨ᠎ᠠ ᠪᠠᠩᠵᠠᠯ ᠢᠶᠡᠨ ᠡᠮᠦᠰᠭᠦ ᠪᠦᠷᠢ ᠬᠦᠮᠦᠰ ᠤᠨ ᠬᠠᠷᠠᠴᠠ ᠶᠢ ᠲᠦᠷ ᠴᠤ ᠬᠡᠰᠡᠨ ᠪᠤᠯᠢᠶᠠᠳᠠᠭ᠂ ᠵᠠᠷᠢᠮ ᠨᠢ  ᠬᠠᠮᠢᠭ᠎ᠠ ᠡᠴᠡ ᠠᠪᠤᠭᠰᠠᠨ ᠪᠤᠢ ᠬᠡᠵᠤ ᠰᠤᠨᠢᠭᠤᠴᠢᠯᠠᠨ᠎ᠠ᠃

    ᠠᠷᠢᠭᠤᠨ᠎ᠠ᠂ ᠡᠨᠡ ᠪᠠᠩᠵᠠᠯ ᠢ ᠬᠦᠬᠡᠬᠤᠳᠠ ᠶᠢᠨ ᠶᠡᠬᠡ ᠰᠤᠷᠭᠠᠭᠤᠯᠢ ᠵᠠᠮ ᠳᠤ ᠪᠠᠶᠢᠭ᠎ᠠ ᠨᠢᠬᠡᠨ ᠦᠨᠳᠦᠰᠦᠳᠡᠨ ᠤ ᠬᠤᠪᠴᠠᠰᠤ ᠵᠠᠰᠠᠯ ᠤᠨ ᠲᠡᠯᠭᠡᠭᠦᠷ ᠲᠤ ᠤᠶᠤᠭᠤᠯᠤᠬᠰᠠᠨ ᠶᠤᠮ᠃ ᠬᠠᠮᠤᠭ ᠤᠨ ᠰᠠᠶᠢᠨ ᠲᠤᠷᠭ᠎ᠠ ᠢᠢ ᠰᠤᠩ᠋ᠭᠤᠨ᠂ ᠡᠩᠭᠡᠷ᠂ ᠵᠠᠭᠠᠮ᠎ᠠ ᠪᠠ ᠬᠠᠨᠴᠤᠢ ᠶᠢᠨ ᠬᠡᠰᠡᠭ ᠢ ᠦᠩᠬᠡᠳᠤ ᠨᠤᠤᠰᠤᠨ ᠬᠠᠳᠬᠤᠮᠠᠯ ᠢᠶᠡᠷ ᠡᠮᠵᠢᠶᠡᠷᠯᠡᠵᠡᠢ᠃ ᠬᠤᠷᠮᠤᠢ ᠶᠢᠨ ᠬᠡᠰᠡᠭ ᠲᠤ ᠤᠭᠠᠯᠵᠠ ᠬᠠᠳᠬᠤᠵᠤ᠂ ᠪᠦᠰᠡ ᠶᠢ ᠨᠢ ᠲᠡᠷᠯᠢᠭ᠌᠌ ᠲᠠᠢ ᠪᠠᠨ ᠨᠢᠬᠡ ᠴᠤᠭᠴᠠ ᠡᠰᠭᠡᠭ᠍ᠰᠡᠨ ᠨᠢ ᠨᠡᠩ ᠭᠤᠶᠤ ᠬᠠᠷᠠᠭᠳᠠᠭᠤᠯᠳᠠᠭ ᠭᠡᠵᠤ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃

    《ᠲᠤᠩ ᠦᠪᠡᠷᠮᠢᠴᠡ ᠬᠠᠷᠠᠭᠳᠠᠬᠤ ᠪᠢᠵᠠ? ᠡᠶᠢᠮᠦᠷᠬᠦᠦ ᠵᠠᠰᠠᠯᠳᠠ ᠤᠷᠤᠭᠤᠯᠤᠭᠰᠠᠨ ᠪᠠᠩᠵᠠᠯ ᠨᠢ ᠮᠤᠩᠭ᠋ᠤᠯ ᠡᠯᠸᠮᠸᠨ᠋ᠲ ᠲᠠᠢ ᠪᠡᠷ ᠦᠯᠦ ᠪᠠᠷᠠᠨ ᠴᠠᠭ ᠤᠨ ᠤᠷᠤᠰᠬᠠᠯ ᠢ ᠲᠠᠭᠠᠭᠰᠠᠨ》 ᠬᠡᠵᠤ ᠠᠷᠢᠭᠤᠨ᠎ᠠ ᠬᠡᠯᠡᠨ᠎ᠡ᠃

    ᠮᠤᠩᠭ᠋ᠤᠯ ᠲᠡᠷᠯᠢᠭ᠌᠌ 800 ᠭᠠᠷᠤᠢ ᠵᠢᠯ ᠤᠨ ᠲᠡᠤᠬᠡ ᠲᠠᠢ᠂ ᠮᠤᠩᠭ᠋ᠤᠯ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠶᠤᠮ᠃ ᠮᠤᠩᠭ᠋ᠤᠯ ᠲᠡᠷᠯᠢᠭ᠌᠌ ᠤᠤᠯ ᠨᠢ ᠲᠠᠯ᠎ᠠ ᠨᠤᠳᠤᠭ ᠤᠨ ᠮᠠᠯᠴᠢᠳ ᠤᠨ ᠠᠮᠢᠳᠤᠷᠠᠯ ᠤᠨ ᠬᠤᠪᠴᠠᠰᠤ ᠪᠠᠶᠢᠭᠰᠠᠨ᠂ ᠤᠳᠤ ᠮᠤᠩᠭ᠋ᠤᠯ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠲᠠᠬᠢᠨ ᠤᠷᠤᠰᠬᠠᠯ ᠲᠠᠭᠠᠨ ᠬᠦᠷᠢᠶᠡᠯᠡᠯ ᠤᠯᠵᠤ᠂ ᠴᠢᠬᠤᠯᠠ ᠠᠵᠢᠯᠯᠠᠭ᠎ᠠ ᠳᠤ ᠤᠷᠤᠯᠴᠠᠬᠤ ᠦᠶ᠎ᠠ ᠳᠤ ᠮᠤᠩᠭ᠋ᠤᠯᠴᠤᠳ ᠤᠨ ᠵᠠᠪᠠᠯ ᠡᠮᠦᠰᠬᠦ ᠬᠤᠪᠴᠠᠰᠤ ᠪᠤᠯᠤᠭᠰᠠᠨ ᠢᠶᠡᠷ ᠦᠨᠳᠦᠰᠦᠳᠡᠨ ᠤ ᠬᠤᠪᠴᠠᠰᠤ ᠵᠠᠰᠠᠯ ᠤᠨ ᠠᠵᠢᠯ ᠲᠦᠷᠦᠯ ᠴᠤ ᠤᠳᠤ ᠠᠮᠢᠵᠢᠷᠠᠯ ᠤᠨ ᠬᠦᠴᠦᠨ ᠢᠶᠡᠷ ᠪᠢᠯᠬᠠᠮ᠎ᠠ ᠪᠤᠯᠪᠠ᠃

    ᠬᠦᠬᠡᠬᠤᠳᠠ ᠶᠢᠨ ᠶᠡᠬᠡ ᠰᠤᠷᠭᠠᠭᠤᠯᠢ ᠵᠠᠮ ᠤᠨ ᠨᠢᠬᠡᠨ ᠵᠡᠬᠡᠯᠢ ᠳ᠋ᠦ ᠮᠤᠩᠭ᠋ᠤᠯ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠬᠢᠵᠤ ᠪᠦᠬᠦᠢ ᠲᠡᠯᠭᠡᠬᠦᠷ ᠤᠯᠠᠨ ᠪᠤᠢ᠂ ᠲᠡᠯᠭᠡᠭᠦᠷ ᠲᠤ ᠨᠢ ᠤᠯᠠᠮᠵᠢᠯᠠᠯᠳᠤ ᠮᠤᠩᠭ᠋ᠤᠯ ᠲᠡᠷᠯᠢᠭ᠌᠌ ᠪᠠᠶᠢᠬᠤ ᠲᠡᠳᠤᠢ ᠦᠬᠡᠢ ᠪᠠᠰᠠ ᠰᠢᠨ᠎ᠠ ᠵᠠᠭᠪᠤᠷ ᠤᠨ ᠮᠤᠩᠭ᠋ᠤᠯ ᠦᠨᠳᠦᠰᠦᠳᠡᠨ ᠤ ᠦᠪᠡᠷᠮᠢᠴᠡ ᠤᠨᠴᠠᠯᠢᠭ ᠲᠠᠢ ᠪᠠᠩᠵᠠᠯ ᠪᠤᠯᠤᠨ ᠶᠤᠰᠤᠯᠠᠯ ᠤᠨ ᠬᠤᠪᠴᠠᠰᠤ  ᠪᠤᠢ᠃

    ᠬᠤᠷᠢᠮ  ᠢᠶᠡᠨ ᠪᠡᠯᠡᠳᠬᠡᠵᠤ ᠪᠠᠶᠢᠭ᠎ᠠ ᠮᠤᠩᠭ᠋ᠤᠯ ᠦᠬᠢᠨ ᠰᠡᠴᠡᠨ ᠬᠤᠶᠠᠷ ᠦᠪᠴᠢ ᠮᠤᠩᠭ᠋ᠤᠯ ᠲᠡᠷᠯᠢᠭ᠌᠌ ᠬᠢᠯᠭᠡᠭ᠍ᠰᠡᠨ ᠪᠠᠶᠢᠯ᠎ᠠ᠃ ᠨᠢᠬᠡ ᠨᠢ ᠤᠯᠠᠮᠵᠢᠯᠠᠯᠳᠤ ᠵᠠᠭᠪᠤᠷ ᠤᠨ᠂ ᠨᠦᠬᠦᠭᠡ ᠨᠢ ᠬᠤᠷᠢᠮ ᠤᠨ ᠬᠤᠪᠴᠠᠰᠤ ᠲᠠᠢ ᠠᠳᠠᠯᠢᠬᠠᠨ  ᠰᠢᠨ᠎ᠡ ᠵᠠᠭᠪᠤᠷ ᠤᠨ ᠲᠡᠷᠯᠢᠭ᠌᠌ ᠪᠠᠶᠢᠯ᠎ᠠ᠃

    ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠪᠤᠯ ᠤᠯᠤᠰ ᠤᠨ ᠵᠡᠷᠭᠡᠯᠡᠯ ᠤᠨ ᠪᠡᠶᠡᠳᠤ ᠪᠤᠰᠤ ᠰᠤᠶᠤᠯ ᠤᠨ ᠦᠪ ᠶᠤᠮ᠂ ᠲᠡᠷᠡ ᠨᠢ ᠮᠤᠩᠭ᠋ᠤᠯ ᠦᠨᠳᠦᠰᠦᠳᠡᠨ ᠤ ᠬᠡᠪ ᠨᠠᠮᠪᠠ᠂ ᠵᠠᠩ ᠵᠠᠩᠰᠢᠯ ᠵᠡᠷᠭᠡ ᠶᠡᠬᠡ ᠬᠡᠮᠵᠢᠶᠡᠨ ᠤ ᠲᠡᠤᠬᠡ ᠰᠤᠶᠤᠯ ᠤᠨ ᠰᠤᠷᠠᠭ ᠵᠠᠩᠭᠢ ᠢᠢ ᠠᠴᠢᠶᠠᠯᠠᠵᠤ ᠪᠤᠢ᠃ ᠮᠤᠩᠭ᠋ᠤᠯᠴᠤᠳ ᠤᠯᠠᠮᠵᠢᠯᠠᠯᠳᠤ ᠬᠤᠪᠴᠠᠰᠤ ᠵᠠᠰᠠᠯ ᠤᠨ ᠢᠶᠡᠨ ᠲᠦᠷᠦᠯ ᠵᠦᠢᠯ᠂ ᠵᠠᠭᠪᠤᠷ᠂ ᠪᠦᠰ ᠪᠠᠷᠠᠭ᠎ᠠ ᠪᠠ ᠦᠢᠯᠡᠳᠭᠦ ᠭᠠᠷ ᠤᠷᠠᠯᠠᠯ ᠵᠡᠷᠭᠡ ᠶᠢ ᠦᠶ᠎ᠡ ᠲᠠᠮᠵᠢᠨ᠂ ᠲᠠᠰᠤᠷᠠᠯᠳᠠ ᠦᠬᠡᠢ ᠲᠡᠬᠦᠯᠳᠡᠷᠵᠢᠬᠦᠯᠦᠨ ᠪᠠᠶᠠᠯᠢᠭᠵᠢᠭᠤᠯᠤᠭᠰᠠᠭᠠᠷ ᠢᠷᠡᠵᠠᠢ᠃

    ᠦᠪᠦᠷ ᠮᠤᠩᠭ᠋ᠤᠯ ᠤᠨ ᠨᠤᠳᠤᠭ ᠲᠡᠪᠢᠰᠬᠡᠷ ᠦᠷᠭᠡᠨ ᠠᠭᠤᠳᠠᠮ᠂ ᠡᠯ᠎ᠡ ᠭᠠᠵᠠᠷ ᠤᠷᠤᠨ᠂ ᠡᠯ᠎ᠡ ᠤᠪᠤᠭ ᠠᠶᠢᠮᠠᠭ ᠤᠨ ᠮᠤᠩᠭ᠋ᠤᠯᠴᠤᠳ ᠦᠪᠡᠷᠮᠢᠴᠡ ᠤᠨᠴᠠᠯᠢᠭ᠂ ᠪᠠᠶᠠᠯᠢᠭ ᠰᠠᠶᠢᠬᠠᠨ ᠬᠤᠪᠴᠠᠰᠤ ᠵᠠᠰᠠᠯ ᠤᠨ ᠰᠤᠶᠤᠯ ᠪᠦᠷᠢᠯᠳᠤᠬᠦᠯᠦᠭ᠍ᠰᠠᠨ ᠶᠤᠮ᠃ ᠲᠡᠭᠡᠷ᠎ᠡ ᠵᠠᠭᠤᠨ ᠤ ᠰᠡᠭᠦᠯᠴᠢ ᠪᠡᠷ᠂ ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠤᠨ ᠤᠯᠠᠨ ᠶᠠᠩᠵᠤᠳᠤ ᠰᠢᠨᠵᠢ ᠨᠢ ᠪᠠᠯᠠᠷᠬᠠᠶᠢᠰᠢᠷᠠᠨ᠂ ᠢᠵᠢᠯᠰᠢᠬᠦ ᠬᠠᠨᠳᠤᠰᠢ ᠲᠠᠢ ᠪᠤᠯᠵᠤ᠂ ᠡᠳᠦᠷ ᠲᠤᠳᠤᠮ ᠤᠨ ᠠᠮᠢᠳᠤᠷᠠᠯ ᠳᠤ ᠮᠤᠩᠭ᠋ᠤᠯ ᠲᠡᠷᠯᠢᠭ᠌᠌ ᠢᠶᠡᠨ ᠡᠮᠦᠰᠭᠦ ᠬᠦᠮᠦᠰ ᠴᠤ ᠢᠳᠡᠭ ᠢᠳᠡᠭ ᠢᠶᠡᠷ ᠴᠦᠭᠡᠷᠡᠭᠰᠡᠨ ᠪᠠᠶᠢᠨ᠎ᠠ᠃

    ᠮᠤᠩᠭ᠋ᠤᠯ ᠦᠨᠳᠦᠰᠦᠳᠡᠨ ᠤ ᠡᠨᠡ ᠬᠦ ᠰᠤᠶᠤᠯ ᠤᠨ ᠦᠪ ᠢᠶᠡᠨ ᠬᠠᠮᠠᠭᠠᠯᠠᠬᠤ ᠶᠢᠨ ᠲᠦᠯᠦᠬᠡ᠂ ᠦᠪᠦᠷ ᠮᠤᠩᠭ᠋ᠤᠯ 2009 ᠤᠨ ᠡᠴᠡ ᠡᠬᠢᠯᠡᠨ ᠬᠤᠶᠠᠷ ᠵᠢᠯ ᠤᠨ ᠬᠤᠭᠤᠴᠠᠭ᠎ᠠ ᠲᠠᠢ ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠢ ᠬᠠᠮᠠᠭᠠᠯᠠᠬᠤ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃

    ᠬᠡᠬᠡᠷ᠎ᠡ ᠶᠢᠨ ᠪᠠᠶᠢᠴᠠᠭᠠᠯᠳᠠ ᠶᠢᠨ ᠪᠠᠭ ᠦᠪᠦᠷ ᠮᠤᠩᠭ᠋ᠤᠯ ᠤᠨ 10 ᠭᠠᠷᠤᠢ ᠠᠶᠢᠮᠠᠭ ᠬᠤᠳᠠ᠂ ᠮᠤᠩᠭ᠋ᠤᠯ ᠦᠨᠳᠦᠰᠦᠳᠡᠨ ᠤ 28 ᠤᠪᠤᠭ ᠠᠶᠢᠮᠠᠭ ᠢᠶᠡᠷ ᠲᠤᠭᠤᠷᠢᠨ ᠰᠤᠷᠪᠤᠯᠵᠢᠯᠠᠵᠤ᠂ ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠤᠨ ᠵᠢᠷᠤᠭ᠂ ᠮᠠᠲ᠋ᠸᠷᠢᠶᠠᠯ ᠢ 1.5 ᠲᠦᠮᠡ ᠭᠠᠷᠤᠢ ᠴᠤᠭᠯᠠᠭᠤᠯᠤᠭᠰᠠᠨ ᠲᠡᠳᠦᠢ ᠦᠬᠡᠢ ᠪᠠᠰᠠ ᠤᠷᠤᠨ ᠨᠤᠳᠤᠭ ᠤᠨ ᠲᠤᠰᠬᠠᠢ ᠮᠡᠷᠭᠡᠵᠢᠯᠳᠡᠨ ᠪᠤᠯᠤᠨ ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠤᠨ ᠦᠪᠯᠡᠭᠴᠢ ᠯᠤᠭᠡ ᠶᠠᠷᠢᠯᠴᠠᠬᠤ ᠬᠤᠷᠠᠯ ᠡᠷᠬᠢᠯᠡᠭᠦ ᠪᠤᠶᠤ ᠬᠡᠷ ᠲᠤ ᠨᠢ ᠬᠦᠷᠴᠦ ᠰᠤᠷᠪᠤᠯᠵᠢᠯᠠᠨ ᠶᠠᠷᠢᠯᠴᠠᠬᠤ ᠬᠡᠯᠪᠡᠷᠢ ᠪᠡᠷ ᠡᠯ᠎ᠡ ᠤᠪᠤᠭ ᠠᠶᠢᠮᠠᠭ ᠤᠨ ᠬᠤᠪᠴᠠᠰᠤ ᠵᠠᠰᠠᠯ ᠤᠨ ᠤᠨᠴᠠᠯᠢᠭ ᠬᠢᠬᠡᠳ ᠤᠯᠠᠮᠵᠢᠯᠠᠯᠳᠤ ᠵᠠᠭᠪᠤᠷ ᠢ ᠤᠯᠠᠮ ᠲᠤᠳᠤᠷᠠᠭᠤᠯᠤᠭᠰᠠᠨ ᠪᠦᠭᠡᠳ ᠨᠤᠳᠠᠯᠠᠯᠳᠠ ᠬᠢᠵᠠᠢ᠃

    ᠡᠨᠡ ᠬᠦ ᠰᠠᠭᠤᠷᠢᠨ ᠳᠤ ᠲᠤᠰᠬᠠᠢ ᠮᠡᠷᠭᠡᠵᠢᠯᠳᠡᠨ ᠤ ᠲᠠᠬᠢᠨ ᠲᠠᠪᠳᠠᠨ ᠨᠤᠳᠠᠯᠠᠯᠳᠠ ᠬᠢᠬᠦ ᠪᠠ ᠨᠠᠷᠢᠨ ᠬᠢᠨᠠᠮᠠᠭᠠᠢ ᠰᠤᠩᠭ᠋ᠤᠯᠳᠠ  ᠪᠡᠷ ᠲᠠᠮᠵᠢᠨ ᠮᠤᠩᠭ᠋ᠤᠯ ᠦᠨᠳᠦᠰᠦᠳᠡᠨ ᠤ 28 ᠤᠪᠤᠭ ᠠᠶᠢᠮᠠᠭ ᠵᠢᠴᠢ ᠮᠤᠩᠭ᠋ᠤᠯ ᠶᠤᠸᠠᠨ ᠤᠯᠤᠰ ᠤᠨ ᠦᠶ᠎ᠡ ᠶᠢᠨ 106 ᠦᠪᠴᠢ ᠬᠤᠪᠴᠠᠰᠤ ᠬᠢᠬᠡᠳ 34 ᠢᠵᠢ ᠲᠤᠯᠤᠭᠠᠢ ᠶᠢᠨ ᠵᠠᠰᠠᠯ ᠵᠡᠷᠭᠡ ᠮᠤᠩᠭ᠋ᠤᠯ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠤᠨ ᠤᠨᠴᠠᠯᠢᠭ ᠪᠤᠯᠤᠨ ᠬᠡᠪ ᠵᠠᠭᠪᠤᠷ ᠢ ᠲᠤᠭᠳᠠᠭᠠᠭᠰᠠᠨ ᠪᠠᠶᠢᠨ᠎ᠠ᠃ ᠮᠤᠩᠭ᠋ᠤᠯ ᠦᠨᠳᠦᠰᠦᠳᠡᠨ ᠤ ᠡᠳᠡᠭᠡᠷ ᠤᠯᠠᠮᠵᠢᠯᠠᠯᠳᠤ ᠬᠤᠪᠴᠠᠰᠤ ᠵᠠᠰᠠᠯ ᠢ ᠦᠪᠦᠷ ᠮᠤᠩᠭ᠋ᠤᠯ  ᠮᠦᠽᠸᠢ ᠳ᠋ᠦ ᠦᠨᠢ ᠡᠬᠦᠷᠢᠳᠡ ᠬᠠᠳᠠᠭᠠᠯᠠᠬᠤ ᠪᠡᠷ ᠪᠤᠯᠵᠠᠢ᠃

    ᠬᠦᠬᠡᠬᠤᠳᠠ ᠶᠢᠨ ᠮᠤᠩᠭ᠋ᠤᠯ ᠦᠨᠳᠦᠰᠦᠳᠡᠨ ᠤ ᠬᠤᠪᠴᠠᠰᠤ ᠵᠠᠰᠠᠯ ᠤᠨ ᠳ᠋ᠢᠽᠠᠶᠢᠨᠧᠷ ᠴᠢᠮᠡᠭ᠄《 ᠤᠤᠯ ᠨᠢ ᠡᠪᠦᠯ ᠶᠠᠭᠠᠷᠠᠳᠠᠭ ᠪᠠᠶᠢᠭᠰᠠᠨ᠂ ᠤᠳᠤ ᠬᠠᠷᠢᠨ ᠵᠤᠨ ᠴᠤ ᠤᠯᠵᠤ ᠶᠠᠭᠠᠷᠠᠬᠤ ᠪᠤᠯᠤᠯ᠎ᠠ᠂ ᠬᠦᠮᠦᠰ ᠮᠤᠩᠭ᠋ᠤᠯ ᠲᠡᠷᠯᠢᠭ᠌᠌ ᠡᠮᠡᠦᠰᠬᠦ ᠲᠤᠷᠠᠳᠠᠢ ᠪᠡᠷ ᠦᠯᠦ ᠪᠠᠷᠠᠨ ᠪᠠᠰᠠ ᠮᠤᠩᠭ᠋ᠤᠯ ᠡᠯᠧᠮᠧᠨ᠋ᠲ ᠲᠠᠢ ᠶᠤᠰᠤᠯᠠᠯ ᠤᠨ ᠬᠤᠪᠴᠠᠰᠤ᠂ ᠬᠦᠷᠮ᠎ᠡ ᠳᠤ ᠴᠤ ᠲᠤᠷᠠᠳᠠᠢ ᠪᠠᠶᠢᠳᠠᠭ᠂ ᠡᠶᠢᠮᠦᠷᠬᠦ ᠬᠤᠪᠴᠠᠰᠤ ᠵᠠᠰᠠᠯ  ᠵᠠᠬᠢᠶᠠᠯᠠᠨ ᠬᠢᠯᠭᠡᠵᠤ ᠪᠠᠶᠢᠭ᠎ᠠ ᠨᠢ ᠵᠦᠪᠬᠡᠨ ᠮᠤᠩᠭ᠋ᠤᠯ ᠦᠨᠳᠦᠰᠦᠳᠡᠨ ᠪᠢᠰᠢ᠂ ᠪᠤᠰᠤᠳ ᠦᠨᠳᠦᠰᠦᠳᠡᠨ ᠤ ᠢᠷᠭᠡᠳ ᠴᠤ ᠮᠤᠩᠭ᠋ᠤᠯ ᠵᠠᠭᠪᠤᠷ ᠤᠨ ᠬᠤᠪᠴᠠᠰᠤ ᠶᠢ ᠲᠤᠭᠤᠳᠠᠭ》 ᠬᠡᠵᠤ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃

    ᠰᠦᠨᠢᠳ ᠵᠡᠬᠦᠨ ᠬᠤᠰᠢᠭᠤᠨ ᠤ ᠴᠠᠭᠠᠨᠤᠪᠤᠭ᠎ᠠ ᠪᠠᠯᠭᠠᠰᠤᠨ ᠤ ᠪᠡᠶᠡᠨ ᠲᠡᠨᠵᠢ ᠭᠠᠴᠠᠭᠠᠨ ᠤ ᠮᠠᠯᠴᠢᠨ ᠲᠤᠩᠭ᠋ᠠᠯᠠᠭ ᠲᠤᠬᠠᠢ ᠶᠢᠨ ᠭᠠᠵᠠᠷ ᠲᠤ ᠪᠡᠨ 《 ᠲᠠᠷᠬᠠᠨ ᠦᠨᠳᠦᠰᠦᠳᠡᠨ ᠤ ᠬᠤᠪᠴᠠᠰᠤ ᠵᠠᠰᠡᠯ》 ᠤᠨ ᠲᠡᠯᠭᠡᠭᠦᠷ ᠡᠷᠬᠢᠯᠡᠵᠤ ᠪᠤᠢ᠃ 20 ᠵᠢᠯ ᠤᠨ ᠲᠤᠷᠰᠢ᠂ ᠲᠡᠷᠡᠪᠡᠷ ᠮᠤᠩᠭ᠋ᠤᠯ ᠲᠡᠷᠯᠢᠭ᠌᠌ ᠬᠢᠬᠦ ᠦᠢᠯᠡᠰ ᠤᠨ ᠡᠵᠡᠩᠨᠡᠯᠳᠡ ᠶᠢᠨ ᠪᠠᠭᠤᠷᠠᠯ ᠡᠴᠡ ᠮᠠᠨᠳᠤᠯ ᠳ᠋ᠦ ᠬᠦᠷᠦᠭᠰᠡᠨ ᠢ ᠭᠡᠷᠡᠴᠢᠯᠡᠵᠡᠢ᠃

    2011 ᠤᠨ ᠳᠤ ᠲᠡᠷᠡᠪᠡᠷ ᠬᠡᠷ ᠲᠦᠷᠢᠰᠦᠯᠡᠵᠤ ᠪᠠᠶᠢᠭᠰᠠᠨ ᠡᠴᠡ ᠪᠡᠨ ᠦᠪᠡᠷ ᠤᠨ170 ᠺᠦᠸᠠᠳ᠋ ᠮᠸᠲ᠋ᠷ ᠤᠨ ᠲᠡᠯᠭᠡᠭᠦᠷ ᠲᠠᠢ ᠪᠤᠯᠤᠭᠰᠠᠨ ᠶᠤᠮ᠃ ᠬᠠᠮᠤᠭ ᠤᠨ ᠤᠯᠠᠨ ᠳᠤ ᠪᠡᠨ 10 ᠭᠠᠷᠤᠢ ᠮᠠᠯᠴᠢᠨ ᠬᠦᠯᠦᠰᠤᠯᠡᠳᠡᠭ᠂ ᠲᠡᠯᠭᠡᠬᠦᠷ ᠲᠤ ᠪᠠᠨ ᠬᠤᠪᠴᠠᠰᠤ ᠵᠠᠰᠠᠯ ᠤᠶᠤᠵᠤ ᠡᠰᠬᠡᠬᠦ ᠳᠤ ᠪᠠᠬᠠᠳᠠᠢ ᠮᠠᠯᠴᠢᠳ ᠲᠤ ᠦᠨ᠎ᠡ ᠲᠦᠯᠪᠦᠷᠢ ᠦᠭᠡᠢ ᠪᠡᠷ ᠰᠤᠷᠭᠠᠯᠳᠠ ᠬᠢᠳᠡᠭ᠃

    《 ᠬᠤᠪᠴᠠᠰᠤᠨ ᠤ ᠲᠡᠯᠭᠡᠭᠦᠷ ᠤᠨ ᠨᠢᠬᠡ ᠦᠷᠦᠭᠡ ᠶᠢ ᠬᠤᠶᠠᠳᠤᠭᠠᠷ ᠬᠦᠦ ᠳᠤ ᠪᠡᠨ ᠰᠤᠯᠠᠯᠠᠨ ᠭᠠᠷᠭᠠᠵᠤ ᠵᠢᠷᠤᠭᠯᠠᠬᠤ ᠲᠠᠰᠤᠭ ᠪᠤᠯᠭᠠᠵᠠᠢ᠂ ᠶᠡᠬᠡ ᠪᠠᠷᠢ ᠴᠤ ᠬᠡᠰᠡᠨ ᠮᠢᠨᠦ ᠱᠠᠪᠢ᠂ ᠲᠡᠭᠦᠨ ᠤ ᠲᠦᠰᠦᠪᠯᠡᠭᠰᠡᠨ ᠦᠨᠳᠦᠰᠦᠳᠡᠨ ᠤ ᠬᠤᠪᠴᠠᠰᠤ ᠵᠠᠰᠠᠯ ᠨᠢ ᠮᠢᠨᠤᠬᠢ ᠡᠴᠡ ᠨᠡᠩ ᠢᠯᠡᠬᠦᠦ ᠴᠠᠭ ᠤᠨ ᠤᠷᠤᠰᠬᠠᠯ ᠢ ᠲᠠᠭᠠᠭᠰᠠᠨ ᠰᠢᠨ᠎ᠠ ᠵᠠᠭᠪᠤᠷ ᠤᠨ ᠪᠠᠶᠢᠳᠠᠭ᠃ ᠬᠡᠳᠦᠶᠢᠪᠡᠷ ᠵᠠᠷᠢᠮ ᠰᠢᠨ᠎ᠡ ᠡᠯᠸᠮᠸᠨ᠋ᠲ ᠨᠡᠮᠡᠭᠰᠡᠨ ᠪᠤᠯᠪᠠᠴᠤ ᠬᠦᠮᠦᠰ ᠦᠵᠡᠮᠡᠭᠴᠡ ᠮᠤᠩᠭ᠋ᠤᠯ ᠦᠨᠳᠦᠰᠦᠳᠡᠨ ᠤ ᠤᠨᠴᠠᠯᠢᠭ ᠲᠠᠢ ᠶᠢ ᠠᠮᠠᠷᠬᠠᠨ ᠲᠠᠨᠢᠨ᠎ᠠ᠂ ᠬᠡᠯᠪᠡᠷᠢ ᠶᠠᠩᠵᠤ ᠨᠢ ᠬᠡᠳᠤᠢ ᠬᠤᠪᠢᠷᠠᠭᠰᠠᠨ ᠴᠤ ᠮᠤᠩᠭ᠋ᠤᠯ ᠦᠨᠳᠦᠰᠦᠳᠡᠨ ᠤ ᠦᠨᠳᠦᠰᠦ ᠪᠡᠨ ᠬᠠᠶᠠᠵᠤ ᠪᠤᠯᠬᠤ ᠦᠬᠡᠢ ᠰᠢᠤ 》 ᠬᠡᠵᠤ ᠲᠤᠩᠭ᠋ᠠᠯᠠᠭ ᠢᠨᠢᠶᠡᠮᠰᠦᠭᠯᠡᠨ ᠶᠠᠷᠢᠪᠠ᠃ 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121337761