蒙古文网站Logo
ᠰᠢᠨᠬᠤᠸᠠ ᠮᠤᠩᠭ᠋ᠤᠯ ᠨᠧᠲ

ᠲᠠᠯ᠎ᠠ ᠶᠢᠨ ᠦᠷᠦᠴᠡᠨ ᠳᠤ ᠲᠦᠷᠦᠭᠡ ᠴᠢᠩᠭᠠᠯᠠᠭᠰᠠᠨ ᠤᠯᠠᠭᠠᠨᠮᠦ᠋ᠴᠢᠷ ᠤᠨ ᠨᠢᠭᠡᠨ ᠵᠢᠷᠠᠨ

2017-07-21 15:32

    ᠰᠢᠨᠬᠤᠧᠠ ᠬᠤᠷᠢᠶ᠎ᠠ   ᠬᠦᠬᠡᠬᠤᠲᠠ ᠶᠢᠨ 7 ᠰᠠᠷ ᠠ ᠶᠢᠨ 19 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠬᠠᠯᠢᠨ᠎ᠠ᠂ ᠰᠦᠨ ᠸᠧᠨ ᠵᠢᠢ) ᠥᠪᠦᠷ ᠮᠣᠩᠭᠤᠯ ᠤᠨ ᠡᠯ᠎ᠠ ᠪᠦᠰᠡ ᠨᠤᠲᠤᠭ ᠤᠨ ᠤᠯᠠᠭᠠᠨᠮᠦ᠋ᠴᠢᠷ ᠲᠠᠯ᠎ᠠ ᠨᠤᠲᠤᠭ ᠤᠨ ᠬᠠᠮᠤᠭ ᠤᠨ ᠰᠠᠢᠢᠬᠠᠨ ᠤᠯᠠᠷᠢᠯ ᠢ ᠰᠤᠩᠭᠤᠨ ᠦᠨᠳᠦᠰᠦᠨ ᠱᠠᠳᠤᠨ ᠤ ᠮᠠᠯᠴᠢᠨ ᠲᠠᠷᠢᠶᠠᠴᠢᠳ ᠲᠤ ᠳᠠᠭᠤᠤ ᠪᠦᠵᠢᠭ᠌ ᠤᠨ ᠦᠪᠡᠳᠡᠭᠰᠢ ᠳᠠᠶᠢᠯᠠᠯᠭ᠎ᠠ ᠪᠡᠯᠡᠭᠯᠡᠳᠡᠭ᠃ 19 ᠤ ᠡᠳᠦᠷ᠂ ᠦᠪᠦᠷ ᠮᠤᠩᠭᠤᠯ ᠤᠨ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠢᠨ ᠤᠯᠠᠭᠠᠨᠬᠠᠲᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠷᠡᠮᠤᠢᠷᠡᠨ ᠰᠤᠮᠤᠨ ᠳᠤ ᠲᠤᠭᠯᠠᠯᠲᠠ ᠭᠠᠷᠭᠠᠯ᠎ᠠ᠃

    《ᠤᠯᠠᠭᠠᠨᠮᠦ᠋ᠴᠢᠷ ᠢᠷᠡᠵᠤ ᠲᠤᠭᠯᠠᠯᠲᠠ ᠭᠠᠷᠭᠠᠨ᠎ᠠ ᠬᠡᠬᠦ ᠰᠤᠷᠠᠭ ᠢ ᠠᠯᠢ ᠡᠷᠲᠠ ᠡᠴᠡ ᠰᠤᠨᠤᠰᠤᠬᠰᠠᠨ᠂ ᠡᠩ ᠤᠨ ᠴᠠᠭ ᠲᠤ ᠬᠡᠷ ᠤᠨ ᠢᠶᠡᠨ ᠠᠵᠢᠯ ᠳᠤ ᠶᠠᠭᠠᠷᠠᠳᠠᠭ ᠡᠴᠡ ᠭᠠᠳᠠᠭᠰᠢ ᠭᠠᠷᠴᠤ ᠲᠤᠭᠯᠠᠯᠲᠠ ᠦᠵᠡᠬᠦ ᠵᠠᠪᠰᠢᠶᠠᠨ ᠶᠡᠷᠦ ᠪᠠᠶᠢᠳᠠᠭ ᠦᠬᠡᠢ᠃ ᠡᠨᠡ ᠤᠳᠠᠭ᠎ᠠ ᠤᠯᠠᠭᠠᠨᠮᠦ᠋ᠴᠢᠷ ᠡᠭᠦᠳᠡᠨ ᠳ᠋ᠦ ᠢᠷᠡᠵᠤ ᠲᠤᠬᠯᠠᠯᠲᠠ ᠭᠠᠷᠭᠠᠵᠤ ᠪᠠᠶᠢᠬᠤ ᠳᠤ ᠶᠠᠷᠢᠶᠠᠨ ᠦᠬᠡᠢ ᠡᠷᠳᠡ ᠢᠷᠡᠵᠤ ᠰᠤᠨᠢᠷᠬᠠᠨ᠎ᠠ ᠰᠢᠳ᠋ᠠ》ᠬᠡᠵᠤ ᠲᠤᠬᠯᠠᠯᠲᠠ ᠶᠢᠨ ᠲᠠᠯᠠᠪᠤᠷ ᠲᠤ ᠡᠷᠲᠡ ᠢᠷᠡᠵᠤ ᠬᠦᠯᠢᠶᠡᠭᠰᠡᠨ ᠮᠠᠯᠴᠢᠨ ᠲᠦᠮᠡᠨᠳᠡᠯᠭᠡᠷ ᠶᠠᠷᠢᠨ᠎ᠠ᠃

    1957 ᠤᠨ ᠳᠤ ᠦᠪᠦᠷ ᠮᠣᠩᠭᠣᠯ ᠤᠨ ᠤᠤᠭᠠᠨ ᠤᠯᠠᠭᠠᠨᠮᠦ᠋ᠴᠢᠷ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤᠨ ᠳᠤ ᠮᠠᠨᠳᠤᠯᠡᠪᠡ᠃ ᠮᠠᠯᠴᠢᠨ ᠲᠠᠷᠢᠶᠠᠴᠢᠳ ᠤᠯᠠᠭᠠᠨᠮᠦ᠋ᠴᠢᠷ ᠢ《ᠮᠠᠨ ᠤ ᠤᠯᠠᠭᠠᠨᠮᠦ᠋ᠴᠢᠷ》ᠬᠡᠮᠡᠨ ᠲᠤᠳᠤᠨᠤᠰᠤᠭ ᠢᠶᠡᠷ ᠲᠠᠭᠤᠳᠠᠳᠠᠬ᠃

    83 ᠨᠠᠰᠤᠲᠠᠢ ᠢᠯᠠᠨ ᠪᠤᠯ ᠤᠯᠠᠭᠠᠨᠮᠦ᠋ᠴᠢᠷ ᠤᠨ ᠠᠩᠬᠠᠨ ᠤ ᠬᠡᠰᠢᠬᠦᠨ᠂ ᠤᠯᠠᠭᠠᠨᠮᠦ᠋ᠴᠢᠷ ᠠᠩᠬ᠎ᠠ ᠪᠠᠶᠢᠭᠤᠯᠤᠭᠳᠠᠬᠤ ᠦᠶ᠎ᠠ ᠶᠢᠨ ᠪᠠᠶᠢᠳᠠᠯ ᠢ ᠳᠡᠷᠡ ᠶᠡᠷᠦ ᠡᠴᠡ ᠮᠠᠷᠲᠠᠳᠠᠭ ᠦᠬᠡᠢ᠃

    《ᠲᠤᠬᠠᠢ ᠶᠢᠨ ᠦᠶ᠎ᠠ ᠳᠤ ᠤᠯᠠᠭᠠᠨᠮᠦ᠋ᠴᠢᠷ ᠶᠢᠰᠦᠬᠡᠨ ᠬᠡᠰᠢᠬᠦᠨ ᠲᠠᠢ᠂ ᠲᠤᠨᠤᠭ ᠲᠦᠬᠦᠬᠡᠷᠦᠮᠵᠢ ᠮᠠᠰᠢ ᠴᠦᠬᠡᠨ ᠪᠠᠶᠢᠭᠰᠠᠨ᠃ ᠪᠢᠳᠡ ᠭᠡᠷᠡᠯᠲᠦᠭᠦᠯᠭᠡ᠂ ᠬᠦᠭ᠍ᠵᠢᠮᠳᠡᠬᠦᠷ᠂ ᠡᠭᠡᠰᠢᠭ᠍ᠲᠤ ᠬᠠᠶᠢᠷᠴᠠᠭ ᠢᠶᠡᠨ ᠡᠭᠦᠷᠦᠭᠡᠳ ᠯᠠ ᠴᠡᠯᠮᠡᠭ ᠲᠡᠭᠷᠢ ᠪᠡᠷ ᠬᠦᠰᠢᠬᠡ ᠪᠤᠯᠭᠠᠨ᠂ ᠨᠤᠭᠤᠭᠠᠨ ᠲᠠᠯ᠎ᠠ ᠪᠠᠷ ᠲᠠᠶᠢᠰᠠ ᠪᠤᠯᠭᠠᠵᠤ ᠠᠩᠬᠠᠨ ᠤ ᠲᠤᠬᠯᠠᠯᠲᠠ ᠪᠠᠨ ᠡᠬᠢᠯᠡᠬᠦᠯᠦᠭᠰᠡᠨ ᠶᠤᠮ᠃ ᠲᠡᠷᠡ ᠡᠳᠦᠷ ᠡᠷᠬᠢᠨ ᠲᠤᠭᠤᠷᠢᠨ ᠤ ᠮᠠᠯᠵᠢᠬᠤ ᠤᠷᠤᠨ ᠡᠴᠡ ᠮᠠᠰᠢ ᠤᠯᠠᠨ ᠦᠵᠡᠭᠴᠢᠳ ᠴᠤᠭᠯᠠᠷᠠᠭᠰᠠᠨ》ᠬᠡᠵᠤ ᠢᠯᠠᠨ ᠳᠤᠷᠠᠰᠤᠨ ᠶᠠᠷᠢᠯ᠎ᠠ᠃

    ᠦᠷᠭᠡᠨ ᠠᠭᠤᠳᠠᠮ ᠲᠠᠯ᠎᠎ᠠ ᠨᠤᠲᠤᠭ ᠲᠤ ᠮᠠᠯᠴᠢᠳ ᠮᠠᠰᠢ ᠲᠠᠷᠠᠬᠠᠢ ᠪᠤᠲᠠᠷᠬᠠᠢ ᠰᠠᠭᠤᠷᠢᠰᠢᠳᠠᠭ᠃ ᠮᠠᠯᠴᠢᠳ ᠤᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠲᠦᠯᠦᠭᠡ᠂ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ  ᠪᠠᠶᠢᠭᠤᠯᠤᠭᠳᠠᠮᠠᠭᠴᠠ ᠪᠠᠨ ᠡᠬᠢᠨ ᠤ 54 ᠡᠳᠦᠷ ᠲᠤ 3000 ᠭᠠᠷᠤᠢ ᠺᠢᠯᠦᠮᠧᠲ᠋ᠷ ᠠᠶᠠᠯᠠᠵᠤ᠂ 30 ᠭᠠᠷᠤᠢ ᠲᠠᠯᠠᠪᠠᠢ ᠲᠤᠭᠯᠠᠯᠲᠠ ᠭᠠᠷᠭᠠᠨ᠂ ᠦᠪᠡᠷᠰᠠᠳ ᠢᠶᠡᠨ ᠵᠤᠬᠢᠶᠠᠨ ᠪᠦᠲᠦᠭᠡᠭ᠍ᠰᠡᠨ ᠤᠷᠠᠯᠢᠭ ᠤᠨ ᠲᠤᠭᠯᠠᠯᠲᠠ ᠪᠡᠨ ᠮᠠᠯᠴᠢᠳ ᠲᠤ ᠬᠦᠷᠭᠡᠵᠡᠢ᠃ ᠢᠩᠭᠢᠭ᠍ᠰᠡᠨ ᠢᠶᠡᠷ ᠤᠯᠠᠭᠠᠨᠮᠦ᠋ᠴᠢᠷ ᠤᠨ ᠨᠡᠷ᠎ᠠ ᠠᠯᠳᠠᠷ ᠲᠦᠷᠪᠡᠨ ᠵᠦᠭ ᠨᠠᠶ᠋ᠮᠠᠨ ᠵᠤᠪᠬᠢᠰ ᠲᠤ ᠳᠠᠭᠤᠷᠢᠰᠤᠬᠰᠠᠨ ᠶᠤᠮ᠃

    1957 ᠤᠨ ᠳᠤ᠂ ᠦᠪᠦᠷ ᠮᠣᠩᠭᠣᠯ ᠤᠨ ᠦᠪᠡᠷᠲᠡᠭᠡᠨ ᠵᠠᠰᠬᠠᠤ ᠤᠷᠤᠨ ᠤ ᠰᠤᠶᠤᠯ ᠤᠨ ᠲᠤᠪᠴᠢᠶ᠎ᠠ ᠡᠴᠡ ᠤᠷᠤᠨ ᠳᠠᠶᠠᠭᠠᠷ ᠤᠨ ᠮᠠᠯᠴᠢᠳ ᠤᠨ ᠰᠤᠶᠤᠯ ᠤᠨ ᠠᠵᠢᠯ ᠤᠨ ᠬᠤᠷᠠᠯ ᠬᠤᠷᠠᠯᠳᠤᠭᠤᠯᠵᠤ᠂ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠲᠤᠷᠰᠢᠯᠲᠠ ᠶᠢᠨ ᠴᠡᠭ ᠤᠨ ᠠᠵᠢᠯ ᠤᠨ ᠠᠮᠵᠢᠯᠲᠠ ᠤᠯᠤᠭᠰᠠᠨ ᠲᠤᠷᠰᠢᠯᠭ᠎ᠠ ᠶᠢ ᠰᠤᠯᠢᠯᠴᠠᠪᠠ᠃ 1964 ᠤᠨ ᠳᠤ᠂ ᠦᠪᠦᠷ ᠮᠣᠩᠭᠣᠯ ᠤᠨ ᠪᠦᠬᠦᠶᠢᠯᠡ ᠮᠠᠯᠵᠢᠬᠤ ᠬᠤᠰᠢᠭᠤ ᠪᠤᠯᠤᠨ ᠵᠠᠷᠢᠮ ᠬᠠᠭᠠᠰ ᠲᠠᠷᠢᠶᠠᠯᠠᠵᠤ ᠬᠠᠭᠠᠰ ᠮᠠᠯᠵᠢᠬᠤ ᠬᠤᠰᠢᠭᠤ ᠰᠢᠶᠠᠨ ᠴᠦᠮ ᠤᠯᠠᠭᠠᠨᠮᠦ᠋ᠴᠢᠷ ᠪᠠᠶᠢᠭᠤᠯᠪᠠ᠃

    ᠦᠪᠦᠷ ᠮᠣᠩᠭᠣᠯ ᠤᠨ ᠦᠨᠳᠦᠰᠦᠲᠡᠨ ᠤ ᠤᠷᠠᠯᠢᠭ ᠤᠨ ᠲᠢᠶᠠᠲ᠋ᠷ ᠤᠨ ᠰᠢᠭᠤᠳ ᠬᠠᠷᠢᠶ᠎ᠠ ᠤᠯᠠᠭᠠᠨᠮᠦ᠋ᠴᠢᠷ ᠤᠨ ᠤᠷᠠᠯᠢᠭ ᠤᠨ ᠪᠠᠭ ᠤᠨ ᠳᠠᠷᠤᠭ᠎ᠠ ᠨᠠᠰᠤᠨ ᠤ ᠲᠠᠨᠢᠯᠴᠠᠭᠤᠯᠤᠭᠰᠠᠨ ᠢᠶᠡᠷ᠂ ᠲᠤᠬᠠᠢ ᠶᠢᠨ ᠦᠶ᠎ᠠ ᠳᠤ ᠡᠯ᠎ᠠ ᠪᠦᠰᠡ ᠨᠤᠲᠤᠭ ᠤᠨ ᠤᠯᠠᠭᠠᠨᠮᠦ᠋ᠴᠢᠷ ᠤᠨ ᠬᠢᠨ ᠵᠢᠯ ᠤᠨ ᠳᠦᠷᠪᠡᠨ ᠤᠯᠠᠷᠢᠯ ᠳᠤ ᠴᠦᠮ ᠦᠨᠳᠦᠰᠦᠨ ᠱᠠᠲᠤᠨ ᠳᠤ ᠭᠦᠨᠵᠡᠭᠡᠶᠢᠷᠡᠨ᠂ ᠮᠠᠯᠴᠢᠨ ᠲᠠᠷᠢᠶᠠᠴᠢᠳ ᠲᠤ ᠤᠷᠠᠨ ᠰᠠᠢᠢᠬᠠᠨ ᠤ ᠲᠤᠭᠯᠠᠯᠲᠠ ᠭᠠᠷᠭᠠᠵᠦ᠂ ᠨᠠᠮ ᠲᠦᠷᠦ ᠶᠢᠨ ᠪᠤᠳᠤᠯᠭ᠎ᠠ ᠴᠢᠭ᠍ᠯᠡᠯᠲᠡ ᠶᠢ ᠤᠬᠠᠭᠤᠯᠳᠠᠬ᠃ ᠤᠯᠠᠭᠠᠨᠮᠦ᠋ᠴᠢᠷ ᠤᠨ ᠬᠢᠨ ᠮᠠᠯᠴᠢᠳ ᠲᠤ ᠦᠢᠯᠡᠴᠢᠯᠡᠵᠤ᠂ ᠮᠠᠯᠴᠢᠳ ᠢ ᠬᠠᠪᠰᠤᠷᠤᠨ ᠬᠤᠨᠢ ᠬᠠᠶᠢᠴᠢᠯᠠᠵᠤ᠂ ᠬᠤᠨᠢ ᠬᠠᠷᠢᠭᠤᠯᠤᠨ᠂ ᠡᠪᠡᠰᠤ ᠬᠠᠳᠤᠳᠠᠭ ᠪᠠᠶᠢᠵᠤ ᠭᠡᠨ᠎ᠡ᠃

    ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠪᠠᠭ ᠤᠨ ᠳᠠᠷᠤᠭ᠎ᠠ ᠮᠦᠩᠭᠡ᠄《ᠮᠠᠨ ᠤ ᠪᠦᠲᠦᠭᠡᠯ ᠤᠨ ᠰᠡᠳᠬᠢᠮᠵᠢ ᠴᠦᠮ ᠮᠠᠯᠴᠢᠳ ᠤᠨ ᠠᠮᠢᠳᠤᠷᠠᠯ ᠡᠴᠡ ᠢᠷᠡᠯᠳᠡ ᠲᠠᠢ᠂ ᠡᠨᠡ ᠨᠢ ᠮᠠᠨ ᠤ ᠤᠯᠠᠭᠠᠨᠮᠦ᠋ᠴᠢᠷ ᠤᠨ ᠬᠢᠨ ᠮᠠᠯᠴᠢᠳ ᠤᠨ ᠲᠠᠭᠠᠰᠢᠶᠠᠯ ᠬᠦᠷᠢᠶᠡᠯᠡᠯ ᠢ ᠤᠯᠤᠭᠰᠠᠨ ᠤ ᠴᠢᠬᠤᠯᠠ ᠰᠢᠯᠲᠠᠭᠠᠨ ᠪᠠᠶᠢᠬ᠎ᠠ᠃ ᠤᠯᠠᠭᠠᠨᠮᠦ᠋ᠴᠢᠷ ᠤᠨ ᠬᠢᠨ ᠮᠠᠯᠴᠢᠳ ᠡᠴᠡ ᠢᠷᠡᠵᠤ᠂ ᠮᠠᠯᠴᠢᠳ ᠲᠤ ᠪᠠᠨ ᠦᠢᠯᠡᠴᠢᠯᠡᠨ᠎ᠠ》 ᠭᠡᠯ᠎ᠠ᠃

    ᠤᠷᠠᠯᠢᠭ ᠤᠨ ᠪᠠᠭ ᠪᠤᠯᠤᠭᠰᠠᠨ ᠤ ᠬᠤᠪᠢ ᠳᠤ ᠤᠯᠠᠭᠠᠨᠮᠦ᠋ᠴᠢᠷ ᠤᠨ ᠬᠠᠮᠤᠭ ᠤᠨ ᠴᠢᠬᠤᠯᠠ ᠤᠨᠴᠠᠯᠢᠭ ᠨᠢ ᠤᠬᠤᠷ ᠠᠪᠰᠠᠷ᠂ ᠴᠢᠨᠠᠷᠯᠢᠭ ᠪᠠᠶᠢᠬᠤ ᠳᠤ ᠤᠷᠤᠰᠢᠨ᠎ᠠ᠃ ᠪᠠᠭ ᠤᠨ ᠭᠡᠰᠢᠭᠦᠳ ᠨᠢ ᠨᠢᠭᠡ ᠳᠤ ᠴᠠᠭᠠᠷᠠᠵᠤ ᠤᠯᠠᠨ ᠳᠤ ᠮᠡᠷᠭᠡᠰᠢᠨ᠂ ᠤᠯᠠᠨ ᠠᠭᠤᠯᠭ᠎ᠠ ᠬᠡᠯᠪᠡᠷᠢ ᠪᠦᠬᠦᠢ ᠲᠤᠭᠯᠠᠯᠲᠠ ᠭᠠᠷᠭᠠᠳᠠᠭ᠃ ᠲᠤᠨᠤᠭ ᠲᠦᠬᠦᠭᠡᠷᠦᠮᠵᠢ ᠨᠢ ᠪᠠᠰᠠ ᠳᠦᠭᠦᠮ ᠠᠪᠰᠠᠷᠬᠠᠨ᠂ ᠤᠳᠤ ᠪᠤᠯᠲᠠᠯ᠎ᠠ ᠡᠨᠡᠬᠦ ᠤᠨᠴᠠᠯᠢᠭ ᠢᠶᠡᠨ ᠬᠠᠳᠠᠭᠠᠯᠠᠭᠰᠠᠭᠠᠷ᠃ 32 ᠨᠠᠰᠤᠲᠠᠢ ᠦᠨᠡᠨ ᠪᠤᠯ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠪᠠᠭ ᠤᠨ ᠬᠡᠰᠢᠭᠦᠨ᠂ ᠪᠦᠵᠢᠭ᠌ ᠤᠨ ᠮᠡᠷᠭᠡᠵᠢᠯ ᠢᠶᠡᠷ ᠰᠤᠷᠤᠯᠭ᠎ᠠ ᠲᠡᠭᠦᠰᠴᠠᠢ᠃ ᠤᠯᠠᠭᠠᠨᠮᠦ᠋ᠴᠢᠷ ᠲᠤ ᠢᠷᠡᠭᠰᠡᠨ ᠤ ᠳᠠᠷᠠᠭ᠎ᠠ ᠲᠡᠷᠡ ᠪᠠᠰᠠ ᠬᠤᠶᠠᠷ ᠲᠦᠷᠦᠯ ᠤᠨ ᠬᠦᠭ᠍ᠵᠢᠮ ᠰᠤᠷᠤᠭᠰᠠᠨ ᠪᠠᠶᠢᠨ᠎ᠠ᠃ ᠦᠨᠡᠨ᠄《 ᠮᠠᠨ ᠤ ᠤᠯᠠᠭᠠᠨᠮᠦ᠋ᠴᠢᠷ  ᠤᠨ ᠪᠠᠭ ᠨᠢ ᠪᠠᠭ᠎ᠠ᠂ ᠬᠦᠮᠦᠨ ᠴᠦᠬᠡᠨ ᠪᠤᠯᠬᠤᠷ ᠬᠦᠳᠡᠭᠡ ᠤᠷᠤᠨ ᠨᠤᠲᠤᠭ ᠢᠶᠡᠷ ᠲᠤᠭᠯᠠᠯᠲᠠ ᠭᠠᠷᠭᠠᠬᠤ ᠦᠶᠡᠰ ᠬᠡᠰᠢᠭᠦᠨ ᠪᠦᠷᠢ ᠤᠯᠠᠨ ᠲᠦᠷᠢ ᠳᠤ ᠲᠤᠭᠯᠠᠬᠤ ᠱᠠᠭᠠᠷᠳᠠᠯᠭ᠎ᠠ ᠲᠠᠢ᠂ ᠬᠦᠮᠦᠨ ᠪᠦᠷᠢ ᠬᠤᠶᠠᠷ ᠡᠴᠡ ᠭᠤᠷᠪᠠᠨ ᠮᠡᠷᠭᠡᠵᠢᠯ ᠲᠠᠢ ᠪᠠᠶᠢᠬᠤ ᠴᠢᠬᠤᠯᠠᠳᠠᠢ》 ᠭᠡᠯ᠎ᠠ᠃

    ᠤᠲᠤ ᠪᠡᠷ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠳ᠋ᠤ 75 ᠤᠯᠠᠭᠠᠨᠮᠦ᠋ᠴᠢᠷ ᠤᠨ ᠪᠠᠬ ᠨᠡᠶᠢᠳᠡ 3000 ᠭᠠᠷᠤᠢ ᠲᠤᠭᠯᠠᠭᠴᠢ ᠲᠠᠢ᠃ ᠦᠪᠦᠷ ᠮᠤᠩᠭᠤᠯ ᠤᠨ ᠡᠯ᠎ᠡ ᠭᠠᠵᠠᠷ ᠤᠨ ᠤᠯᠠᠭᠠᠨᠮᠦ᠋ᠴᠢᠷ ᠵᠢᠯ ᠪᠦᠷᠢ ᠬᠦᠲᠡᠭᠡ ᠤᠷᠤᠨ ᠨᠤᠲᠤᠭ ᠲᠤ ᠬᠦᠷᠴᠦ ᠵᠠᠭᠤ ᠭᠠᠷᠤᠢ ᠲᠠᠯᠠᠪᠠᠢ ᠲᠤᠭᠯᠠᠯᠲᠠ ᠭᠠᠷᠭᠠᠨ ᠨᠡᠩ ᠤᠯᠠᠨ ᠬᠦᠮᠦᠨ ᠵᠤᠨ  ᠤ ᠬᠦᠷᠢᠶᠡᠯᠡᠯ ᠲᠠᠭᠠᠰᠢᠶᠠᠯ ᠢ ᠤᠯᠵᠤ ᠪᠠᠶᠢᠨ᠎ᠠ᠃ ᠡᠭᠦᠨ ᠡᠴᠡ ᠭᠠᠲᠠᠨ᠎ᠠ ᠤᠯᠠᠭᠠᠨᠨᠮᠦ᠋ᠴᠢᠷ ᠨᠢ ᠲᠠᠶᠢᠯᠠᠨᠳ᠋᠂ ᠭᠧᠷᠮᠠᠨ᠂ ᠢᠲ᠋ᠠᠯᠢ ᠵᠡᠷᠭᠡ ᠤᠯᠤᠰ ᠤᠷᠤᠨ ᠢᠶᠡᠷ ᠬᠦᠷᠴᠦ ᠲᠠᠯ᠎ᠠ ᠨᠤᠲᠤᠭ ᠤᠨ ᠰᠤᠲᠤᠨ ᠰᠠᠶᠢᠬᠠᠨ ᠲᠠᠭᠤᠤ ᠠᠶᠠᠯᠭᠤ ᠶᠢ ᠬᠠᠷᠢ ᠭᠦᠷᠦᠨ ᠳ᠋ᠤ ᠰᠤᠨᠤᠷᠳᠠᠭᠤᠯᠵᠦ᠂ ᠲᠠᠯ᠎ᠠ ᠨᠤᠲᠤᠭ ᠤᠨ ᠰᠤᠶᠤᠯ ᠢ ᠲᠡᠯᠡᠬᠡᠢ ᠶᠢᠨ ᠲᠠᠶᠢᠰᠠᠨ᠎ᠠ ᠬᠦᠷᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121359056