蒙古文网站Logo
ᠰᠢᠨᠬᠤᠸᠠ ᠮᠤᠩᠭ᠋ᠤᠯ ᠨᠧᠲ

ᠲᠠᠨᠠᠬᠤᠸᠠᠷ᠄ ᠲᠤᠮᠳᠠᠳᠤ ᠤᠯᠤᠰ ᠤᠨ ᠺᠢᠨᠣ᠋ ᠤᠷᠠᠯᠢᠭ ᠤᠨ ᠳᠠᠪᠴᠠᠩ ᠳ᠋ᠡᠬᠢ ᠪᠠᠰᠠ ᠨᠢᠬᠡᠨ ᠮᠤᠩᠭᠤᠯ ᠤᠳᠤᠨ

2017-08-04 11:25

    ᠲᠤᠮᠳᠠᠳᠤ ᠤᠯᠤᠰ ᠤᠨ ᠠᠷᠠᠳ ᠤᠨ ᠴᠢᠯᠦᠬᠡᠯᠡᠬᠦ ᠴᠡᠷᠢᠭ ᠪᠠᠶᠢᠭᠤᠯᠤᠭᠳᠠᠭᠰᠠᠨ 90 ᠵᠢᠯ ᠤᠨ ᠤᠢ ᠳᠤ ᠵᠤᠷᠢᠭᠤᠯᠵᠤ ᠵᠤᠬᠢᠶᠠᠨ ᠪᠦᠲᠦᠭᠡᠭᠰᠡᠨ《ᠲᠠᠪᠠᠯᠭᠠᠨᠳᠤ ᠠᠷᠠᠯ ᠳᠡᠬᠢ ᠬᠠᠶᠢᠷ᠎ᠠ》 ᠬᠡᠮᠡᠬᠦ ᠺᠢᠨᠣ᠋ ᠴᠡᠷᠢᠭ ᠪᠠᠶᠢᠭᠤᠯᠤᠭᠳᠠᠭᠰᠠᠨ ᠡᠳᠤᠷ ᠨᠢᠬᠡᠨᠳᠡ ᠤᠯᠤᠰ ᠲᠠᠶᠠᠭᠠᠷ ᠤᠨ ᠦᠵᠡᠭᠴᠢᠳ ᠲᠠᠢ ᠵᠤᠯᠭᠠᠭᠰᠠᠨ ᠶᠤᠮ᠃ ᠬᠦᠮᠦᠰ ᠤᠨ ᠲᠠᠭᠠᠰᠢᠶᠠᠯ ᠢ ᠤᠯᠤᠭᠰᠠᠨ ᠡᠨᠡᠬᠦ ᠺᠢᠨᠣ᠋ ᠶᠢᠨ ᠡᠮᠡᠭᠲᠡᠢ ᠭᠤᠤᠯ ᠲᠦᠷᠢ ᠶᠢ ᠮᠤᠩᠭᠤᠯ ᠦᠨᠳᠦᠰᠦᠳᠡᠨ ᠤ ᠺᠢᠨᠣ᠋ ᠲᠤᠭᠯᠠᠭᠴᠢ ᠲᠠᠨᠠᠬᠤᠸᠠᠷ ᠪᠦᠳᠦᠬᠡᠵᠡᠢ᠃

    ᠲᠠᠨᠠᠬᠤᠸᠠᠷ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠳᠤ ᠴᠠᠭᠠᠨ ᠬᠤᠰᠢᠭᠤᠨ ᠤ ᠢᠳᠠᠮᠵᠠᠪ ᠪᠤᠯᠤᠨ ᠪᠠᠢ ᠿᠦᠢ ᠶᠦᠨ ᠤ ᠦᠬᠢᠨ᠂ ᠮᠤᠩᠭᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠡᠴᠡ ᠲᠤᠭᠯᠠᠭᠴᠢ᠂ ᠤᠳᠤᠷᠢᠳᠤᠭᠠᠴᠢ ᠶᠢᠨ ᠬᠤᠤᠰ ᠮᠠᠭᠢᠰᠲ᠋ᠷ ᠴᠤᠯᠠ ᠬᠠᠮᠠᠭᠠᠯᠠᠭᠰᠠᠨ ᠤᠷᠠᠯᠢᠭ ᠤᠨ ᠤᠳᠤᠨ᠃

    2007 ᠤᠨ ᠳᠤ᠂ ᠳᠡᠷᠡᠪᠡᠷ ᠲᠦᠪ ᠲᠧᠯᠧᠶ᠋ᠰ ᠤᠨ《ᠮᠢᠨᠦ ᠵᠠᠯᠠᠭᠤ ᠨᠠᠰᠤ ᠮᠢᠨᠦ ᠮᠦᠷᠦᠬᠡᠳᠤᠯ》 ᠬᠡᠮᠡᠬᠦ ᠤᠯᠠᠨ ᠠᠩᠬᠢᠳᠤ ᠺᠢᠨᠣ᠋ ᠶᠢᠨ ᠭᠤᠤᠯ ᠲᠦᠷᠢ ᠳᠤ ᠠᠵᠠ ᠪᠡᠷ ᠳᠤᠭᠯᠠᠵᠤ᠂ ᠺᠢᠨᠣ᠋ ᠤᠷᠠᠯᠢᠭ ᠤᠨ ᠦᠢᠯᠡᠰ ᠤᠨ ᠭᠠᠷᠤᠭ᠎ᠠ ᠪᠡᠨ ᠠᠪᠴᠠᠢ᠃ 《ᠪᠢ ᠦᠪᠡᠷ ᠢᠶᠡᠨ ᠳᠤᠭᠯᠠᠭᠴᠢ ᠪᠤᠯᠬᠤ ᠵᠠᠮ ᠢ ᠵᠤᠷᠢᠯᠭ᠎ᠠ ᠲᠠᠢ ᠰᠤᠩᠭᠤᠭ᠎ᠠ ᠦᠬᠡᠢ᠂ ᠬᠠᠷᠢᠨ ᠡᠨᠡ ᠤᠷᠠᠯᠢᠭ ᠨᠠᠳᠠ ᠶᠢ ᠰᠤᠩᠭᠤᠭᠰᠠᠨ᠃ ᠪᠠᠶᠠᠷᠯᠠᠭᠤᠰᠢᠳᠠᠢ ᠨᠢ ᠤᠳᠤ ᠮᠤᠩᠭᠤᠯ ᠬᠢᠳᠠᠳ ᠺᠢᠨᠣ᠋ ᠤᠷᠠᠯᠢᠭ ᠤᠨ ᠰᠠᠯᠪᠤᠷᠢ ᠳᠤ ᠤᠯᠠᠮ ᠮᠡᠳᠡᠷᠡᠭᠳᠡᠵᠤ᠂ ᠦᠪᠡᠷ ᠢᠶᠡᠨ ᠴᠤ ᠡᠨᠡᠬᠦ ᠦᠢᠯᠡᠰ ᠲᠤ ᠤᠯᠠᠮ ᠬᠠᠶᠢᠷᠠᠲᠠᠢ ᠪᠤᠯᠤᠭᠰᠠᠨ᠃ ᠬᠤᠶᠢᠰᠢᠳᠠ ᠬᠦᠮᠦᠰ ᠤᠨ ᠢᠶᠡᠨ ᠬᠡᠬᠡᠨ ᠮᠡᠯᠮᠡᠢ ᠳᠤ ᠨᠡᠩ ᠤᠯᠠᠨ ᠠᠳᠠᠯᠢ ᠪᠤᠰᠤ ᠳᠦᠷᠢ ᠶᠢ ᠠᠮᠢᠯᠠᠭᠤᠯᠵᠤ ᠬᠦᠷᠬᠡᠶ᠎ᠡ ᠬᠡᠮᠡᠨ ᠵᠤᠷᠢᠵᠤ ᠶᠠᠪᠤᠨ᠎ᠠ》ᠬᠡᠵᠤ ᠲᠠᠨᠠᠬᠤᠸᠠᠷ ᠶᠠᠷᠢᠨ᠎ᠠ᠃

    ᠲᠠᠨᠠᠬᠤᠸᠠᠷ ᠸᠠᠩ ᠰᠢᠨ ᠮᠢᠨ ᠤ ᠤᠳᠤᠷᠢᠳᠤᠭᠰᠠᠨ《ᠰᠢᠨ᠎ᠡ ᠬᠠᠷᠢᠶᠠᠴᠠᠢ ᠯᠢ ᠰᠠᠨ》ᠺᠢᠨᠣ᠋ ᠳᠤ ᠡᠰᠡᠷᠬᠦ ᠲᠠᠯ᠎ᠠ ᠶᠢᠨ ᠭᠤᠤᠯ ᠲᠦᠷᠢ ᠭᠦᠢ ᠹᠠᠩ ᠢ ᠲᠤᠭᠯᠠᠵᠤ᠂ ᠶᠠᠩ ᠶᠠ ᠵᠧᠤ ᠶᠢᠨ ᠤᠳᠤᠷᠢᠳᠤᠭᠰᠠᠨ《ᠰᠠᠶᠢᠨ ᠤᠤ᠂ ᠬᠡᠤᠬᠡᠳ ᠤᠳ ᠡ》 ᠬᠡᠮᠡᠬᠦ ᠤᠯᠠᠨ ᠠᠩᠬᠢᠳᠤ ᠺᠢᠨᠣ᠋ ᠶᠢᠨ ᠴᠢᠬᠤᠯᠠ ᠳᠦᠷᠢ ᠳᠤ ᠳᠤᠭᠯᠠᠭᠰᠠᠨ ᠶᠤᠮ᠃ ᠡᠳᠡᠬᠡᠷ ᠢ ᠪᠠᠭᠳᠠᠭᠠᠭᠰᠠᠨ ᠮᠠᠰᠢ ᠤᠯᠠᠨ ᠺᠢᠨᠣ᠋ ᠳᠤ ᠳᠦᠷᠢ ᠪᠦᠳᠦᠬᠡᠬᠦ ᠳᠤ ᠪᠠᠨ ᠳᠡᠷᠡ ᠠᠮᠢᠳᠤᠯᠢᠭ ᠪᠦᠭᠡᠳ ᠦᠪᠡᠷᠮᠢᠴᠠ ᠤᠨᠴᠠᠯᠢᠭ ᠲᠠᠢ᠂ ᠲᠤᠭᠯᠠᠵᠤ ᠪᠠᠶᠢᠭ᠎ᠠ ᠲᠦᠷᠢ ᠶᠢᠨ ᠢᠶᠡᠨ ᠤᠯᠠᠨ ᠲᠠᠯᠠᠳᠤ ᠴᠢᠨᠠᠷ ᠢ ᠨᠠᠷᠢᠨ ᠢᠯᠡᠷᠡᠬᠦᠯᠵᠤ ᠴᠢᠳᠠᠭᠰᠠᠨ ᠢᠶᠡᠷ ᠢᠶᠡᠨ ᠦᠵᠡᠭᠴᠢᠳ ᠤᠨ ᠬᠠᠶᠢᠷ᠎ᠠ ᠪᠠᠬᠠᠷᠬᠠᠯ ᠢ ᠬᠦᠷᠳᠡᠵᠡᠢ᠃

    ᠲᠠᠨᠠᠬᠤᠸᠠᠷ ᠢ ᠶᠠᠮᠠᠷ ᠲᠦᠷᠢ ᠳᠤ ᠳᠤᠭᠯᠠᠭᠤᠯᠤᠭᠰᠠᠨ ᠴᠤ ᠱᠠᠭᠠᠷᠳᠠᠯᠭ᠎ᠠ ᠶᠤᠰᠤᠭᠠᠷ ᠠᠮᠢᠯᠠᠭᠤᠯᠵᠤ ᠴᠢᠳᠠᠳᠠᠭ ᠪᠦᠭᠡᠳ ᠰᠠᠨᠠᠭᠠᠨ ᠡᠴᠠ ᠭᠠᠳᠠᠭᠤᠷ ᠰᠠᠶᠢᠨ ᠲᠤᠭᠯᠠᠳᠠᠭ ᠬᠡᠵᠤ ᠵᠠᠷᠢᠮ ᠮᠡᠷᠬᠡᠵᠢᠯᠳᠡᠨ ᠦᠨᠡᠯᠡᠵᠤ ᠦᠩᠬᠡᠷᠡᠭᠰᠡᠨ ᠶᠤᠮ᠃

    ᠳᠡᠷᠡᠪᠡᠷ 2004 ᠤᠨ ᠤ《ᠲᠡᠯᠡᠬᠡᠢ ᠶᠢᠨ ᠤᠶᠤᠳᠠᠳ ᠤᠨ ᠡᠩᠬᠡ ᠶᠢᠨ ᠡᠯᠴᠢ》 ᠰᠢᠯᠭᠠᠷᠠᠭᠤᠯᠬᠤ ᠤᠷᠤᠯᠳᠤᠭᠠᠨ ᠤ ᠲᠤᠮᠳᠠᠳᠤ ᠤᠯᠤᠰ ᠲᠡᠬᠢ ᠬᠤᠪᠢᠶᠠᠷᠢ ᠤᠷᠤᠯᠳᠤᠭᠠᠨ ᠤ ᠰᠢᠯᠢᠳᠡᠭ ᠱᠠᠩᠨᠠᠯ᠂ 2015 ᠤᠨ ᠤ ᠲᠤᠮᠳᠠᠳᠤ ᠠᠮᠧᠷᠢᠺᠠ ᠶᠢᠨ ᠤᠯᠠᠨ ᠤᠯᠤᠰ ᠤᠨ ᠺᠢᠨᠣ᠋ ᠤᠷᠠᠯᠢᠭ ᠤᠨ ᠪᠠᠶᠠᠷ ᠢᠶᠡᠷ ᠡᠮᠡᠭᠲᠡᠢ ᠶᠢᠨ ᠰᠢᠯᠢᠳᠡᠭ ᠭᠤᠤᠯ ᠲᠦᠷᠢ ᠶᠢᠨ ᠱᠠᠩᠨᠠᠯ ᠵᠡᠷᠬᠡ ᠤᠯᠠᠨ ᠤᠯᠠᠨ ᠢᠷᠠᠭᠤ ᠠᠯᠳᠠᠷ ᠢᠶᠡᠷ ᠮᠢᠯᠢᠶᠠᠯᠭᠠᠵᠠᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121431885