蒙古文网站Logo
ᠰᠢᠨᠬᠤᠸᠠ ᠮᠤᠩᠭ᠋ᠤᠯ ᠨᠧᠲ

ᠠᠯᠲᠠᠨ ᠲᠠᠬᠢᠶ᠎ᠠ ᠴᠡᠴᠡᠭᠡᠰ ᠺᠢᠨᠤ᠋ ᠤᠷᠠᠯᠢᠭ ᠤᠨ ᠨᠠᠶᠢᠷ ᠢᠶᠡᠷ 9 ᠰᠠᠷ᠎ᠠ ᠳᠤ ᠬᠦᠬᠡᠬᠤᠲᠠᠨ᠎ᠠ ᠠᠭᠤᠯᠵᠠᠵᠠᠭᠠᠶ ᠠ

2017-08-17 11:42

    8 ᠰᠠᠷ᠎ᠠ ᠶᠢᠨ 16 ᠤ ᠡᠳᠦᠷ ᠤᠨ ᠦᠳᠡ ᠡᠴᠡ ᠬᠤᠶᠢᠨ᠎ᠠ᠂ ᠰᠤᠷᠪᠤᠯᠵᠢᠯᠠᠭᠴᠢ ᠬᠤᠷᠢᠨ ᠵᠢᠷᠭᠤᠳᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠤᠷᠠᠯᠢᠭ ᠤᠨ ᠨᠠᠶᠢᠷ ᠵᠢᠴᠢ ᠭᠤᠴᠢᠨ ᠨᠢᠭᠡᠳᠦᠭᠡᠷ ᠬᠤᠭᠤᠴᠠᠭᠠᠨ ᠤ ᠳᠤᠮᠳᠠᠳᠤ ᠤᠯᠤᠰ ᠤᠨ ᠺᠢᠨᠤ᠋ ᠶᠢᠨ ᠠᠯᠳᠠᠨ ᠲᠠᠬᠢᠶ᠎ᠠ ᠱᠠᠩᠨᠠᠯ ᠤᠨ ᠬᠡᠪᠯᠡᠯ ᠮᠡᠳᠡᠭᠡᠯᠡᠯ ᠤᠨ ᠬᠤᠷᠠᠯ ᠡᠴᠡ ᠤᠶᠢᠯᠠᠭᠠᠭᠰᠠᠨ ᠢᠶᠡᠷ᠂ ᠲᠤᠰ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠤᠷᠠᠯᠢᠭ ᠤᠨ ᠨᠠᠶᠢᠷ 9 ᠰᠠᠷ᠎᠎ᠠ ᠶᠢᠨ 13- 16 ᠤ ᠡᠳᠦᠷ ᠪᠤᠯᠲᠠᠯ᠎ᠠ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠳᠤ ᠶᠠᠪᠤᠭᠳᠠᠨ᠎ᠠ᠃ ᠠᠯᠲᠠᠨ ᠲᠠᠬᠢᠶ᠎ᠠ ᠴᠡᠴᠡᠭᠡᠰ ᠺᠢᠨᠤ᠋ ᠤᠷᠠᠯᠢᠭ ᠤᠨ ᠨᠠᠶᠢᠷ ᠤᠨ ᠬᠤᠭᠤᠴᠠᠭᠠᠨ ᠳᠤ ᠺᠢᠨᠤ᠋ ᠤᠷᠠᠯᠢᠭ ᠤᠨ ᠨᠠᠶᠢᠷ ᠤᠨ ᠡᠬᠢᠯᠡᠯᠲᠡ ᠶᠢᠨ ᠶᠤᠰᠤᠯᠠᠯ᠂ 31 ᠬᠤᠭᠤᠴᠠᠭᠠᠨ ᠤ ᠠᠯᠳᠠᠨ ᠲᠠᠬᠢᠶ᠎ᠠ ᠱᠠᠩᠨᠠᠯ ᠤᠨ ᠨᠡᠷ᠎ᠠ ᠳᠠᠪᠰᠢᠭᠴᠢᠳ ᠢ ᠬᠦᠬᠢᠭᠦᠯᠬᠦ ᠶᠤᠰᠤᠯᠠᠯ᠂ 31 ᠬᠤᠭᠤᠴᠠᠭᠠᠨ ᠤ ᠳᠤᠮᠳᠠᠳᠤ ᠤᠯᠤᠰ ᠤᠨ ᠺᠢᠨᠤ᠋ ᠶᠢᠨ ᠠᠯᠳᠠᠨ ᠲᠠᠬᠢᠶ᠎ᠠ ᠱᠠᠩᠨᠠᠯ ᠤᠨ ᠱᠠᠩᠨᠠᠯ ᠤᠯᠭᠤᠬᠤ ᠶᠤᠰᠤᠯᠠᠯ ᠪᠤᠯᠤᠨ ᠺᠢᠨᠤ᠋ ᠤᠷᠠᠯᠢᠭ ᠤᠨ ᠨᠠᠶᠢᠷ ᠤᠨ ᠬᠠᠭᠠᠯᠲᠠ ᠶᠢᠨ ᠶᠤᠰᠤᠯᠠᠯ᠂ ᠴᠤᠪᠤᠷᠠᠯ ᠺᠢᠨᠤ᠋ ᠶᠢᠨ ᠦᠵᠡᠰᠭᠦᠯᠡᠩ᠂ ᠡᠷᠳᠡᠮ ᠰᠢᠨᠵᠢᠯᠡᠭᠡᠨ ᠤ ᠹᠤᠷᠦ᠋ᠮ ᠵᠡᠷᠭᠡ ᠠᠵᠢᠯᠯᠠᠭ᠎ᠠ ᠶᠢ ᠵᠤᠬᠢᠶᠠᠨ ᠪᠠᠶᠢᠭᠤᠯᠬᠤ ᠶᠤᠮ ᠪᠠᠶᠢᠨ᠎ᠠ᠃

    ᠳᠤᠮᠳᠠᠳᠤ ᠤᠯᠤᠰ ᠤᠨ ᠺᠢᠨᠤ᠋ ᠤᠷᠠᠯᠢᠭᠴᠢᠳ ᠤᠨ ᠨᠡᠶᠢᠭᠡᠮᠯᠢᠭ᠌ ᠤᠨ ᠳᠡᠳ᠋ ᠲᠡᠷᠢᠭᠦᠯᠡᠭᠴᠢ ᠮᠢᠩ ᠵᠸᠨ ᠵᠢᠶᠠᠩ ᠬᠡᠪᠯᠡᠯ ᠮᠡᠳᠡᠭᠡᠯᠡᠯ ᠤᠨ ᠬᠤᠷᠠᠯ ᠳᠡᠭᠡᠷ᠎ᠠ᠂ 31 ᠬᠤᠭᠤᠴᠠᠭᠠᠨ ᠤ ᠳᠤᠮᠳᠠᠳᠤ ᠤᠯᠤᠰ ᠤᠨ ᠺᠢᠨᠤ᠋ ᠶᠢᠨ ᠠᠯᠳᠠᠨ ᠲᠠᠬᠢᠶ᠎ᠠ ᠱᠠᠩᠨᠠᠯ ᠤᠨ ᠬᠢᠨᠠᠭᠴᠢᠳ ᠤᠨ ᠵᠦᠪᠯᠡᠯ ᠡᠴᠡ ᠲᠡᠪᠰᠢᠭᠦᠯᠦᠭᠰᠡᠨ ᠨᠡᠷᠡᠰ ᠢ ᠨᠡᠶᠢᠲᠡᠯᠡᠪᠠ᠃ ᠡᠭᠦᠨ ᠳᠤ᠂《 ᠴᠢ ᠶᠤᠸᠠᠢ ᠪᠤᠯᠤᠨ ᠠᠨ ᠱᠸᠩ》《 ᠭᠡᠶᠢᠭᠦᠯᠳᠡᠭ ᠡᠷ᠎ᠠ》《 ᠪᠢ ᠫᠠᠨ ᠵᠢᠨ ᠯᠢᠶᠠᠨ ᠪᠢᠰᠢ》 ᠪᠤᠯᠤᠨ《 ᠮᠸᠺᠦᠩ ᠭᠤᠤᠯ ᠤᠨ ᠠᠵᠢᠯᠯᠠᠭ᠎ᠠ》 ᠵᠡᠷᠭᠡ ᠺᠢᠨᠤ᠋ ᠰᠢᠯᠢᠳᠡᠭ ᠦᠯᠢᠭᠡᠷᠲᠤ ᠺᠢᠨᠤ᠋ ᠪᠡᠷ ᠨᠡᠷ᠎ᠠ ᠲᠠᠪᠰᠢᠭᠳᠡᠵᠤ᠂《 ᠠᠶᠠᠷᠯᠠᠯ》《 ᠨᠡᠭᠦᠳᠠᠯ》 ᠵᠡᠷᠭᠡ ᠺᠢᠨᠤ᠋ ᠰᠢᠯᠢᠳᠡᠭ᠌ ᠳᠤᠮᠳᠠ ᠪᠠᠭ᠎ᠠ ᠦᠷᠲᠡᠭ ᠲᠠᠢ ᠦᠯᠢᠭᠡᠷᠲᠤ ᠺᠢᠨᠤ᠋ ᠪᠡᠷ ᠨᠡᠷ᠎ᠠ ᠳᠡᠪᠰᠢᠭᠳᠡᠨ᠂《 ᠠᠭᠤᠯᠠᠨ ᠤ ᠴᠠᠭᠠᠳᠠᠬᠢ ᠮᠤᠷᠢ》《 ᠦᠵᠦᠮᠦᠴᠢᠨ ᠤ ᠭᠡᠤᠭᠡᠳ》 ᠵᠡᠷᠭᠡ ᠺᠢᠨᠤ᠋ ᠰᠢᠯᠢᠳᠡᠭ ᠬᠡᠤᠬᠡᠳ ᠤᠨ ᠺᠢᠨᠤ᠋ ᠪᠡᠷ ᠨᠡᠷ᠎ᠠ ᠲᠠᠪᠰᠢᠭᠳᠡᠵᠠᠢ᠃

    ᠬᠦᠬᠡᠬᠤᠲᠠ ᠶᠢᠨ ᠵᠠᠰᠠᠭ ᠤᠨ ᠤᠷᠳᠤᠨ ᠤ ᠬᠠᠮᠢᠶ᠎ᠠ ᠪᠦᠬᠦᠢ ᠬᠠᠷᠢᠭᠤᠴᠠᠯᠭᠠᠲᠠᠨ ᠪᠤᠯᠤᠨ ᠳᠤᠮᠳᠠᠳᠤ ᠤᠯᠤᠰ ᠤᠨ ᠺᠢᠨᠤ᠋ ᠤᠷᠠᠯᠢᠭᠴᠢᠳ ᠤᠨ ᠨᠡᠶᠢᠭᠡᠮᠯᠢᠭ᠌ ᠤᠨ ᠬᠤᠪᠢᠶᠠᠷᠢ ᠨᠠᠮ ᠤᠨ ᠤᠳᠤᠷᠢᠳᠬᠤ ᠪᠠᠭ ᠤᠨ ᠱᠦᠵᠢ᠂ ᠬᠤᠷᠠᠯ ᠤᠨ ᠳᠡᠳ᠋ ᠲᠡᠷᠢᠭᠦᠯᠡᠭᠴᠢ ᠵᠠᠩ ᠬᠤᠩ ᠬᠡᠪᠯᠡᠯ ᠮᠡᠳᠡᠭᠡᠯᠡᠯ ᠤᠨ ᠬᠤᠷᠠᠯ ᠳᠡᠭᠡᠷ᠎ᠠ ᠲᠤᠰ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠤᠷᠠᠯᠢᠭ ᠤᠨ ᠨᠠᠶᠢᠷ ᠤᠨ ᠪᠡᠯᠡᠳᠭᠡᠯ ᠠᠵᠢᠯ ᠤᠨ ᠠᠬᠢᠴᠠ ᠂ ᠳᠤᠮᠳᠠᠳᠤ ᠤᠯᠤᠰ ᠤᠨ ᠺᠢᠨᠤ᠋ ᠶᠢᠨ ᠠᠯᠳᠠᠨ ᠲᠠᠬᠢᠶ᠎ᠠ ᠱᠠᠩᠨᠠᠯ ᠤᠨ ᠬᠠᠮᠢᠶ᠎ᠠ ᠪᠦᠬᠦᠢ ᠪᠠᠶᠢᠳᠠᠯ ᠵᠢᠴᠢ ᠺᠢᠨᠤ᠋ ᠤᠷᠠᠯᠢᠭ ᠤᠨ ᠨᠠᠶᠢᠷ ᠤᠨ ᠬᠠᠮᠢᠶ᠎ᠠ ᠪᠦᠬᠦᠢ ᠠᠵᠢᠯᠯᠠᠭ᠎ᠠ ᠶᠢ ᠲᠠᠨᠢᠯᠴᠠᠭᠤᠯᠪᠠ᠃ ᠮᠠᠰᠢ ᠤᠯᠠᠨ ᠭᠢᠯᠡᠰ ᠴᠡᠭ ᠲᠡᠢ᠂ ᠬᠦᠮᠦᠰ ᠬᠦᠰᠡᠨ ᠬᠦᠯᠢᠶᠡᠵᠦ ᠪᠤᠢ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭