蒙古文网站Logo
ᠰᠢᠨᠬᠤᠸᠠ ᠮᠤᠩᠭ᠋ᠤᠯ ᠨᠧᠲ

《ᠴᠤᠯᠮᠤᠨ ᠳᠡᠬᠡᠵᠢ ᠪᠢᠴᠢᠭ᠌•ᠦᠪᠦᠷ ᠮᠤᠩᠭᠤᠯ ᠤᠨ ᠤᠷᠠᠨ ᠵᠤᠬᠢᠶᠠᠯ》 ᠤᠨ ᠨᠡᠬᠡᠬᠡᠯᠳᠡ ᠪᠤᠯᠤᠨ ᠵᠤᠬᠢᠶᠠᠭᠴᠢᠳ ᠤᠨ ᠵᠤᠯᠭᠠᠯᠳᠠ ᠬᠦᠬᠡᠬᠤᠳᠠ ᠳᠤ ᠪᠤᠯᠪᠠ

2017-09-02 16:32

    ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 2 ᠤᠨ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ) ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠴᠤᠯᠮᠤᠨ ᠰᠡᠳᠬᠦᠯ ᠤᠨ ᠬᠢᠨ ᠤ ᠵᠤᠬᠢᠶᠠᠨ ᠪᠠᠶᠢᠭᠤᠯᠤᠭᠰᠠᠨ《ᠴᠤᠯᠮᠤᠨ ᠳᠡᠬᠡᠵᠢ ᠪᠢᠴᠢᠭ᠌•ᠦᠪᠦᠷ ᠮᠤᠩᠭᠤᠯ ᠤᠨ ᠤᠷᠠᠨ ᠵᠤᠬᠢᠶᠠᠯ》 ᠤᠨ ᠨᠡᠬᠡᠬᠡᠯᠳᠡ ᠪᠤᠯᠤᠨ ᠵᠤᠬᠢᠶᠠᠭᠴᠢᠳ ᠤᠨ ᠵᠤᠯᠭᠠᠯᠳᠠ 9 ᠰᠠᠷ᠎ᠠ ᠶᠢᠨ 1 ᠤ ᠡᠳᠦᠷ ᠬᠦᠬᠡᠬᠤᠳᠠ ᠳᠤ ᠪᠤᠯᠤᠯ᠎ᠠ᠃

    ᠡᠨᠡᠬᠦ ᠠᠵᠢᠯᠯᠠᠭ᠎ᠠ ᠪᠡᠷ᠂《ᠴᠤᠯᠮᠤᠨ ᠳᠡᠬᠡᠵᠢ ᠪᠢᠴᠢᠭ᠌•ᠦᠪᠦᠷ ᠮᠤᠩᠭᠤᠯ ᠤᠨ ᠤᠷᠠᠨ ᠵᠤᠬᠢᠶᠠᠯ》 ᠤᠨ ᠴᠤᠪᠤᠷᠠᠯ ᠨᠤᠮ ᠢ ᠳᠠᠨᠢᠯᠴᠠᠭᠤᠯᠬᠤ᠂ ᠨᠤᠮ ᠤᠨ ᠵᠤᠬᠢᠶᠠᠭᠴᠢ ᠡᠴᠡ ᠵᠤᠬᠢᠶᠠᠯ ᠪᠦᠳᠦᠬᠡᠯ ᠳᠤᠭᠤᠷᠪᠢᠭᠰᠠᠨ ᠦᠯᠢᠬᠡᠷ ᠤᠴᠠᠷᠠᠯ ᠢᠶᠡᠨ ᠶᠠᠷᠢᠬᠤ᠂ ᠵᠠᠯᠠᠭᠤ ᠵᠤᠬᠢᠶᠠᠯᠴᠢ ᠰᠡᠳᠬᠦᠯᠴᠢᠳ ᠡᠴᠡ ᠠᠰᠠᠭᠤᠯᠳᠠ ᠳᠠᠯᠪᠢᠬᠤ ᠵᠡᠷᠬᠡ ᠠᠭᠤᠯᠭ᠎ᠠ ᠪᠡᠷ ᠶᠠᠪᠤᠭᠳᠠᠪᠠ᠃ ᠤᠶᠢᠯᠠᠭᠠᠭᠰᠠᠨ ᠢᠶᠡᠷ ᠴᠤᠪᠤᠷᠠᠯ ᠨᠤᠮ ᠳᠤ ᠠᠶᠤᠩᠭ᠎ᠠ ᠶᠢᠨ《ᠮᠠᠨᠪᠠ ᠷᠠᠰᠠᠩ》᠂ ᠮᠦᠩᠬᠡ ᠶᠢᠨ《ᠬᠠᠨ ᠮᠤᠨᠠ ᠶᠢᠨ ᠰᠡᠬᠦᠷᠡᠰᠦ》᠂ ᠪᠠᠷᠮᠤᠳ ᠤᠯᠠᠭᠠᠨᠬᠦᠦ ᠶᠢᠨ《ᠳᠡᠭᠷᠢ ᠰᠦᠯᠳᠡ ᠳᠤᠪᠤᠷᠤᠤ》᠂ ᠳᠡᠮᠦᠷᠪᠠᠭᠠᠨ᠎ᠠ ᠶᠢᠨ《ᠰᠠᠭᠠᠭ ᠤᠨ ᠴᠡᠴᠡᠭ ᠳᠡᠯᠬᠡᠷᠡᠭᠰᠡᠨ ᠰᠠᠷᠠ ᠲᠠᠢ ᠰᠠᠷᠠ ᠦᠬᠡᠢ ᠬᠤᠨᠤᠭ ᠤᠳ》᠂ ᠭᠠᠷᠮ᠎ᠠ ᠶᠢᠨ ᠰᠢᠷᠠᠬᠦᠦ ᠶᠢᠨ《ᠳᠡᠷᠢ ᠶᠢᠨ ᠦᠨᠦᠷ ᠲᠠᠢ ᠳᠠᠯ᠎ᠠ》᠂ ᠮ•ᠬᠠᠰᠪᠠᠭᠠᠨ᠎ᠠ ᠶᠢᠨ《ᠨᠢᠬᠡᠨ ᠵᠤᠬᠢᠶᠠᠯᠴᠢ ᠶᠢᠨ ᠡᠳᠦᠷ ᠤᠨ ᠳᠡᠮᠳᠡᠭᠯᠡᠯ》᠂ ᠤᠷᠠᠨᠰᠠᠶᠢᠬᠠᠨ ᠳᠡᠯᠬᠡᠷ ᠤᠨ《ᠳᠤᠭᠤᠨᠤ ᠪᠡᠷ ᠳᠤᠰᠤᠭᠰᠠᠨ ᠬᠤᠨ ᠤ ᠴᠤᠪᠤᠭ᠎ᠠ》᠂ ᠬᠦᠩ᠊• ᠪᠠᠳᠠᠷᠠᠬᠤ ᠶᠢᠨ《ᠰᠦᠨᠢᠳ ᠤᠨ ᠰᠠᠶᠢᠨ ᠬᠢᠯᠦᠬᠡᠳᠡᠢ ᠪᠠᠭᠠᠳᠤᠷ ᠤᠨ ᠱᠠᠰᠳᠢᠷ ᠤᠷᠤᠰᠢᠪᠠᠢ》᠂ ᠰᠠᠶᠢᠨᠪᠠᠶᠠᠷ ᠤᠨ《ᠪᠤᠳᠤᠯ ᠤᠨ ᠵᠢᠬᠦᠷᠳᠤ ᠬᠦᠯᠦᠭ》᠂ ᠨ•ᠠᠯᠳᠠᠨᠪᠠᠭᠠᠨ᠎ᠠ ᠶᠢᠨ 《ᠪᠤᠯᠠᠩᠬᠢᠷᠳᠤ ᠤᠷᠤᠰᠬᠠᠯ》 ᠵᠡᠷᠬᠡ 10 ᠷᠤᠮᠠᠨ ᠪᠠᠭᠳᠠᠭᠰᠠᠨ ᠪᠠᠶᠢᠨ᠎ᠠ᠃

    ᠴᠤᠯᠮᠤᠨ ᠰᠡᠳᠬᠦᠯ 1980 ᠤᠨ ᠳᠤ ᠬᠡᠪᠯᠡᠯ ᠡᠬᠢᠯᠡᠭᠰᠡᠨ ᠡᠴᠡ ᠨᠠᠰᠢ ᠦᠪᠦᠷ ᠮᠤᠩᠭᠤᠯ ᠤᠷᠤᠨ ᠤ ᠵᠤᠬᠢᠶᠠᠯᠴᠢᠳ ᠤᠨ 90 ᠭᠠᠷᠤᠢ ᠷᠤᠮᠠᠨ᠂ 200 ᠭᠠᠷᠤᠢ ᠳᠤᠭᠤᠵᠢ ᠶᠢ ᠨᠡᠶᠢᠳᠡᠯᠡᠭᠦᠯᠦᠭᠰᠡᠨ ᠶᠤᠮ᠃ ᠦᠨᠦᠳᠦᠷ ᠡᠳᠡᠬᠡᠷ ᠤᠨ ᠳᠤᠳᠤᠷ᠎ᠠ ᠡᠴᠡ ᠳᠤᠬᠠᠢ ᠶᠢᠨ ᠴᠠᠭ ᠦᠶ᠎ᠡ ᠳᠤ ᠮᠠᠰᠢ ᠨᠦᠯᠦᠬᠡ ᠳᠤᠰᠬᠠᠯ ᠭᠠᠷᠭᠠᠵᠤ᠂ ᠤᠩᠰᠢᠭᠴᠢᠳ ᠤᠨ ᠳᠠᠭᠠᠰᠢᠶᠠᠯ ᠳᠤ ᠬᠦᠷᠦᠭᠰᠡᠨ᠂ ᠮᠦᠨ ᠳᠤᠬᠠᠢ ᠶᠢᠨ ᠦᠶ᠎ᠡ ᠶᠢᠨ ᠤᠷᠠᠨ ᠵᠤᠬᠢᠶᠠᠯ ᠤᠨ ᠰᠢᠨ᠎ᠡ ᠴᠢᠭᠯᠡᠯ ᠬᠠᠨᠳᠤᠯᠭ᠎ᠠ ᠶᠢ ᠳᠦᠯᠦᠬᠡᠯᠡᠵᠤ ᠴᠢᠳᠠᠬᠤᠶᠢᠴᠠ 40 ᠭᠠᠷᠤᠢ ᠪᠦᠳᠦᠬᠡᠯ ᠢ ᠰᠤᠩᠭᠤᠨ ᠨᠠᠶᠢᠷᠠᠭᠤᠯᠵᠤ ᠴᠤᠪᠤᠷᠠᠯ ᠨᠤᠮ ᠬᠡᠪᠯᠡᠬᠦᠯᠬᠦ ᠪᠡᠷ ᠰᠠᠨᠠᠭᠠᠴᠢᠯᠠᠨ᠂ ᠡᠬᠢᠨ ᠤ ᠡᠬᠡᠯᠵᠢ ᠳᠤ ᠡᠳᠡᠬᠡᠷ 10 ᠨᠤᠮ ᠢ ᠬᠡᠪᠯᠡᠬᠦᠯᠵᠤ ᠪᠠᠶᠢᠭ᠎ᠠ ᠠᠵᠢ᠃

    ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠤᠪᠢ ᠳᠤ᠂ ᠤᠶᠢᠷ᠎ᠠ ᠶᠢᠨ ᠵᠢᠯ ᠤᠳ ᠲᠤ ᠬᠡᠪᠯᠡᠬᠦᠯᠵᠤ ᠪᠠᠶᠢᠭ᠎ᠠ ᠮᠤᠩᠭᠤᠯ ᠨᠤᠮ ᠤᠨ ᠪᠤᠷᠤᠯᠠᠭᠤᠯᠭ᠎ᠠ ᠵᠢᠯ ᠳᠤᠳᠤᠮ ᠢᠯᠡᠷᠬᠡᠢ ᠨᠡᠮᠡᠭᠳᠡᠭᠰᠡᠬᠡᠷ ᠪᠤᠢ᠃ ᠪᠤᠳᠠᠳᠠᠢ ᠪᠡᠷ ᠶᠠᠷᠢᠪᠠᠯ᠂ 2013 ᠤᠨ ᠳᠤ 347 ᠳᠦᠷᠦᠯ ᠤᠨ ᠮᠤᠩᠭᠤᠯ ᠨᠤᠮ ᠬᠡᠪᠯᠡᠬᠦᠯᠵᠤ᠂ 297 ᠳᠦᠮᠡᠨ ᠳᠦᠬᠦᠷᠢᠭ ᠪᠤᠷᠤᠯᠠᠭᠤᠯᠤᠭᠰᠠᠨ ᠪᠤᠯ᠂ 2014 ᠤᠨ ᠳᠤ 272 ᠳᠦᠷᠦᠯ ᠤᠨ ᠮᠤᠩᠭᠤᠯ ᠨᠤᠮ ᠬᠡᠪᠯᠡᠬᠦᠯᠵᠤ 359.5 ᠳᠦᠮᠡᠨ ᠳᠦᠬᠦᠷᠢᠭ ᠪᠤᠷᠤᠯᠠᠭᠤᠯᠵᠠᠢ᠃ 2015 ᠤᠨ ᠳᠤ 273 ᠳᠦᠷᠦᠯ ᠤᠨ ᠨᠤᠮ ᠬᠡᠪᠯᠡᠬᠦᠯᠵᠤ᠂ 900 ᠳᠦᠮᠡᠨ ᠳᠦᠬᠦᠷᠢᠭ ᠪᠤᠷᠤᠯᠠᠭᠤᠯᠤᠭᠰᠠᠨ ᠪᠤᠯ 2016 ᠤᠨ ᠳᠤ 294 ᠳᠦᠷᠦᠯ ᠤᠨ ᠮᠤᠩᠭᠤᠯ ᠨᠤᠮ ᠬᠡᠪᠯᠡᠬᠦᠯᠵᠤ 1422 ᠳᠦᠮᠡᠨ ᠳᠦᠬᠦᠷᠢᠭ ᠪᠤᠷᠤᠯᠠᠭᠤᠯᠵᠠᠢ᠃ ᠡᠳᠡᠬᠡᠷ ᠨᠢ ᠳᠤᠰ ᠬᠤᠷᠢᠶᠠᠨ ᠤ ᠨᠤᠮ ᠪᠢᠴᠢᠭ᠌ ᠢ ᠳᠡᠯᠬᠡᠨ ᠬᠤᠳᠠᠯᠳᠤᠬᠤ ᠨᠤᠮ ᠤᠨ ᠳᠡᠯᠬᠡᠬᠦᠷ ᠨᠡᠮᠡᠭᠳᠡᠭᠰᠡᠨ᠂ ᠴᠠᠬᠢᠮ ᠳᠡᠯᠬᠡᠬᠦᠷ ᠪᠠ ᠸᠢᠴᠠᠲ ᠳᠡᠯᠬᠡᠬᠦᠷ ᠳᠦᠬᠡᠮᠡᠯᠵᠢᠵᠤ ᠳᠤᠰ ᠬᠤᠷᠢᠶ᠎ᠠ ᠲᠠᠢ ᠨᠤᠮ ᠪᠤᠷᠤᠯᠠᠭᠤᠯᠬᠤ ᠳᠠᠯ᠎ᠠ ᠪᠡᠷ ᠬᠤᠷᠰᠢᠨ ᠠᠵᠢᠯᠯᠠᠵᠤ ᠪᠠᠶᠢᠭ᠎ᠠ ᠳᠡᠯᠬᠡᠬᠦᠷ 200 ᠶᠢ ᠳᠠᠪᠠᠭᠰᠠᠨ᠂ ᠤᠩᠰᠢᠭᠴᠢ ᠶᠢᠨ ᠳᠠᠭᠠᠰᠢᠶᠠᠯ ᠳᠤ ᠬᠦᠷᠦᠭᠰᠡᠨ ᠵᠤᠬᠢᠶᠠᠭᠴᠢ ᠶᠢᠨ ᠪᠦᠳᠦᠬᠡᠯ ᠤᠯᠠᠨ ᠴᠤᠯᠭᠤᠷᠠᠭᠰᠠᠨ ᠵᠡᠷᠬᠡ ᠲᠠᠢ ᠬᠤᠯᠪᠤᠭ᠎ᠠ ᠲᠠᠢ ᠠᠵᠢ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121591708