蒙古文网站Logo
ᠰᠢᠨᠬᠤᠸᠠ ᠮᠤᠩᠭ᠋ᠤᠯ ᠨᠧᠲ

ᠰᠢᠯᠢᠩᠬᠤᠳᠠ ᠨᠠᠮ ‍ᠤᠨ ᠠᠷᠪᠠ ᠶᠢᠰᠦᠳᠦᠭᠡᠷ ᠶᠡᠬᠡ ᠬᠤᠷᠠᠯ ᠢ ᠤᠭᠳᠤᠬᠤ《ᠡᠬᠡ ᠬᠡᠯᠡ 》ᠤᠷᠠᠨ ᠤᠩᠰᠢᠯᠭ᠎ᠠ ᠶ᠋ᠢᠨ ᠤᠷᠤᠯᠳᠤᠭᠠᠨ ᠶᠠᠪᠤᠭᠤᠯᠪᠠ

2017-09-11 14:49

    ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠬᠡ   9 ᠰᠠᠷ᠎ᠠ ᠶ᠋ᠢᠨ 9 ᠤ᠋ ᠡᠳᠦᠷ᠂ ᠦᠪᠦᠷ ᠮᠤᠩᠭᠤᠯ ‍ᠤᠨ ᠰᠢᠯᠢᠩᠬᠤᠳᠠ ᠳᠤ ᠠᠭᠠᠷ ᠨᠢ ᠴᠡᠯᠮᠡᠭ᠂ ᠰᠠᠯᠬᠢ ᠨᠢ ᠡᠪᠡᠶᠡᠷᠭᠦᠦ᠂ ᠨᠠᠮᠤᠷ ‍ᠤᠨ ᠨᠠᠯᠠᠶᠢᠬᠰᠡᠨ ᠰᠠᠶᠢᠬᠠᠨ ᠡᠳᠦᠷ ᠪᠤᠯᠤᠯ᠎ᠠ᠃ ᠳᠤᠰ ᠡᠳᠦᠷ ᠰᠢᠯᠢᠩᠬᠤᠳᠠ ᠶ᠋ᠢᠨ ᠮᠤᠩᠭᠤᠯ ᠦᠨᠳᠦᠰᠦᠳᠡᠨ ‍ᠤ ᠳᠤᠮᠳᠠᠳᠦ ᠰᠤᠷᠭᠠᠭᠤᠯᠢ ᠶ᠋ᠢᠨ ᠰᠢᠨᠡᠬᠡᠨ ᠪᠠᠶᠢᠭᠤᠯᠤᠬᠰᠡᠨ ᠶᠤᠰᠤᠯᠠᠯ ‍ᠤᠨ ᠲᠠᠩᠭᠢᠮ ᠳ᠋ᠥ᠂ ᠦᠨᠳᠦᠰᠦᠳᠡᠨ ‍ᠤ ᠪᠠᠨ ᠳᠡᠪᠡᠯ ᠬᠤᠪᠴᠠᠰᠦ ᠪᠠᠷ ᠭᠤᠶᠤᠵᠠᠭᠠᠬᠰᠡᠨ ᠤᠯᠠᠨ ᠬᠦᠮᠦᠨ ᠴᠦᠷᠬᠦᠯᠳᠡᠨ᠂ ᠬᠦᠯ ᠬᠦᠭᠡᠷᠴᠡᠭ ᠪᠤᠯᠵᠠᠭᠠᠨ᠎ᠠ᠃ ᠡᠨᠳᠠ ᠦᠪᠦᠷ ᠮᠤᠩᠭᠤᠯ ‍ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠡᠨ 70 ᠵᠢᠯ ‍ᠤᠨ ᠤᠢ ᠪᠠᠨ ᠪᠡᠯᠭᠡᠯᠡᠨ᠂ ᠨᠠᠮ ‍ᠤᠨ ᠠᠷᠪᠠ ᠶᠢᠰᠦᠳᠦᠭᠡᠷ ᠶᠡᠬᠡ ᠬᠤᠷᠠᠯ ‍ᠤᠨ ᠢᠯᠠᠯᠳᠠ ᠲᠠᠢ ᠬᠤᠷᠠᠯᠳᠤᠬᠤ ᠶ᠋ᠢ ᠪᠠᠶᠠᠷᠯᠠᠨ ᠤᠬᠳᠤᠬᠤ《ᠡᠬᠡ ᠬᠡᠯᠡ》ᠨᠡᠷᠡᠮᠵᠢᠳᠦ ᠮᠤᠩᠭᠤᠯ ᠢᠷᠠᠭᠤ ᠨᠠᠶᠢᠷᠠᠭ ‍ᠤᠨ ᠤᠷᠤᠯᠳᠤᠭᠠᠨ ᠬᠦᠷ ᠨᠠᠷᠭᠢᠶᠠᠨ ᠲᠠᠢ ᠶᠠᠪᠤᠬᠳᠠᠯ᠎ᠠ᠃

ᠨᠢᠬᠡᠳᠦᠬᠡᠷ ᠪᠠᠶᠢᠷᠢᠨ ᠳᠤ ᠳᠤᠳᠤᠷᠠᠭᠰᠠᠨ ᠱᠢᠷᠦᠨᠴᠢᠮᠡᠭ

    ᠤᠷᠤᠯᠳᠤᠭᠠᠨ ‍ᠢ ᠰᠢᠯᠢᠩᠬᠤᠳᠠ ᠶ᠋ᠢᠨ ᠨᠠᠮ ‍ᠤᠨ ᠬᠤᠷᠢᠶᠠᠨ ‍ᠤ ᠤᠬᠠᠭᠤᠯᠬᠤ ᠭᠡᠯᠳᠡᠰ᠂ ᠨᠢᠭᠡᠳᠦᠮᠡᠯ ᠹᠷᠤᠨᠲ ‍ᠤᠨ ᠭᠡᠯᠳᠡᠰ᠂ ᠬᠤᠳᠠ ᠶ᠋ᠢᠨ ᠦᠨᠳᠦᠰᠦᠳᠡᠨ ᠱᠠᠰᠢᠨ ᠰᠤᠷᠳᠠᠬᠤᠨ ‍ᠤ ᠲᠤᠪᠴᠢᠶ᠎ᠠ᠂ ᠰᠤᠷᠭᠠᠨ ᠬᠦᠮᠦᠵᠢᠯ ᠲᠧᠭᠨᠢᠭ᠌ ᠮᠡᠷᠭᠡᠵᠢᠯ ‍ᠤᠨ ᠲᠤᠪᠴᠢᠶ᠎ᠠ᠂ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠡᠴᠠ ᠬᠠᠮᠳᠤᠷᠠᠨ ᠰᠠᠨᠠᠭᠠᠴᠢᠯᠠᠵᠤ ᠵᠤᠬᠢᠶᠠᠨ ᠪᠠᠶᠢᠭᠤᠯᠪᠠ᠃ ᠤᠷᠤᠯᠳᠤᠭᠠᠨ ᠳ᠋ᠥ᠂ ᠰᠢᠯᠢᠩᠬᠤᠳᠠ ᠶᠢᠨ ᠡᠯ᠎ᠠ ᠪᠠᠶᠢᠭᠤᠯᠤᠯᠭ᠎ᠠ ᠨᠢᠭᠡᠴᠠ ᠶ᠋ᠢᠨ ᠠᠵᠢᠯᠳᠠᠨ᠂ ᠮᠠᠯᠴᠢᠳ ᠪᠠ ᠳᠡᠭᠡᠳᠦ ᠰᠤᠷᠭᠠᠭᠤᠯᠢ ᠶ᠋ᠢᠨ ᠤᠶᠤᠳᠠᠨ ᠨᠡᠶᠢᠳᠡ 26 ᠬᠦᠮᠦᠨ ᠨᠡᠷ᠎ᠠ ᠮᠡᠳᠡᠭᠦᠯᠦᠨ ᠤᠷᠤᠯᠴᠠᠵᠠᠢ᠃ ᠤᠷᠤᠯᠴᠠᠬᠴᠢᠳ ᠤᠷᠤᠰᠤᠮ᠎ᠠ ᠰᠠᠶᠢᠬᠠᠨ ᠬᠡᠯᠡ ᠬᠡᠯᠡᠯᠭᠡ᠂ ᠪᠢᠯᠬᠠᠮ᠎ᠠ ᠬᠠᠯᠠᠭᠤᠨ ᠰᠡᠳᠬᠢᠯᠭᠡ ᠪᠠᠷ ᠡᠪ ᠬᠠᠮᠳᠦ ᠨᠠᠮ ‍ᠤᠨ ᠢᠶᠡᠨ ᠠᠴᠢ ᠭᠠᠪᠢᠶ᠎ᠠ ᠶ᠋ᠢ ᠮᠠᠬᠳᠠᠨ ᠳᠠᠭᠤᠯᠠᠵᠦ᠂ ᠤᠯᠤᠰ ᠤᠷᠤᠨ ‍ᠤ ᠪᠠᠨ ᠬᠦᠭᠵᠢᠯᠳᠠ ᠬᠤᠪᠢᠷᠠᠯᠳᠠ ᠶ᠋ᠢ ᠪᠠᠬᠠᠳᠤᠨ᠂ ᠨᠤᠳᠤᠭ ᠤᠰᠦ᠂ ᠠᠪᠤ ᠡᠵᠢ ᠪᠠᠨ ᠰᠢᠯᠦᠭᠯᠡᠨ ᠤᠶᠠᠩᠭᠠᠯᠠᠵᠠᠭᠠᠪᠠ᠃

ᠬᠤᠶᠠᠳᠤᠭᠠᠷ ᠪᠠᠶᠢᠷᠢᠨ ᠳᠤ ᠳᠤᠳᠤᠷᠠᠭᠰᠠᠨ ᠬᠠᠶᠢᠷ᠎ᠠ

ᠬᠤᠶᠠᠳᠤᠭᠠᠷ ᠪᠠᠶᠢᠷᠢᠨ ᠳᠤ ᠳᠤᠳᠤᠷᠠᠭᠰᠠᠨ ᠤᠷᠢᠬᠠᠨ

    ᠤᠷᠤᠯᠳᠤᠭᠠᠨ ‍ᠤ ᠬᠢᠨᠠᠬᠴᠢ ᠶ᠋ᠢᠨ ᠪᠠᠶᠢᠷᠢᠨ ᠳ᠋ᠥ ᠫᠤ•ᠴᠤᠬᠳᠤᠨᠠᠷᠠᠨ᠂ ᠳ᠋•ᠰᠡᠷᠡᠩᠧᠠᠩᠵᠢᠯ᠂ ᠮᠦᠩᠭᠦᠨᠴᠡᠴᠡᠭ᠂ ᠰᠠᠶᠢᠨ᠎ᠠ᠂ ᠰᠦ᠊•ᠤᠷᠠᠨ᠎ᠠ ᠨᠠᠷ ᠰᠠᠭᠠᠳᠠᠪᠠ᠃ ᠨᠢᠭᠡ ᠡᠳᠦᠷ ᠶᠠᠪᠤᠬᠳᠠᠬᠰᠡᠨ ᠠᠩᠬᠠᠨ ‍ᠤ ᠤᠷᠤᠯᠳᠤᠭᠠᠨ ᠪᠤᠯᠤᠨ ᠰᠢᠢᠳᠪᠦᠷᠢᠳᠦ ᠤᠷᠤᠯᠳᠤᠭᠠᠨ ᠢᠶᠡᠷ᠂ ᠰᠢᠯᠢ ᠶ᠋ᠢᠨ ᠭᠤᠤᠯ ‍ᠤᠨ ᠡᠳᠦᠷ ᠤᠨ ᠰᠤᠨᠢᠨ ‍ᠤ ᠬᠤᠷᠢᠶᠠᠨ ‍ᠤ ᠱᠢᠷᠤᠨᠴᠢᠮᠡᠭ《ᠠᠨᠢᠷ ᠦᠭᠡᠢ ᠶ᠋ᠢᠨ ᠳᠤᠮᠳᠠ》ᠬᠡᠮᠡᠬᠦ ᠦᠪᠡᠷ ‍ᠤᠨ ᠪᠦᠳᠦᠭᠡᠯ ᠢᠶᠡᠷ ᠢᠶᠡᠨ ᠲᠡᠷᠢᠭᠦᠯᠡᠵᠦ᠂ ᠰᠢᠯᠢᠩᠬᠤᠳᠠ ᠶᠢᠨ ᠠᠵᠢᠯᠴᠢᠨ ‍ᠤ ᠶᠡᠷᠦᠩᠬᠡᠢ ᠡᠪᠯᠡᠯ ‍ᠤᠨ ᠤᠷᠢᠬᠠᠨ《ᠮᠢᠨᠤ ᠦᠪᠦᠷ ᠮᠤᠩᠭᠤᠯ》ᠰᠢᠯᠦᠭ ᠢᠶᠡᠷ ᠢᠶᠡᠨ᠂ ᠡᠷᠳᠡᠨᠢ ᠵᠡᠭᠡᠯᠢ ᠭᠤᠳᠤᠮᠵᠢ ᠶ᠋ᠢᠨ ᠬᠡᠷᠡᠭ ᠡᠷᠬᠢᠯᠡᠬᠦ ᠭᠠᠵᠠᠷ ‍ᠤᠨ ᠬᠠᠶᠢᠷ᠎ᠠ《ᠬᠤᠷᠳᠤᠨ ‍ᠤ ᠮᠤᠷᠢ》ᠰᠢᠯᠦᠭ ᠢᠶᠡᠷ ᠢᠶᠡᠨ ᠲᠤᠰ ᠲᠤᠰ ᠳᠡᠳ᠋ ᠪᠠᠶᠢᠷᠢᠨ ᠳ᠋ᠥ ᠳᠤᠳᠤᠷᠠᠵᠤ᠂ ᠪᠤᠯᠠᠭᠠᠨ ᠰᠤᠮᠤᠨ ‍ᠤ ᠮᠠᠯᠴᠢᠨ ᠬᠠᠮᠰᠦ᠋ᠮᠧᠠᠩᠳᠦ᠋ᠢ᠂ ᠴᠤᠭ ᠰᠤᠮᠤᠨ ‍ᠤ ᠮᠠᠯᠴᠢᠨ ᠮᠢᠳᠤᠬᠮ᠎ᠠ᠂ ᠮᠤᠩᠭᠤᠯ ᠦᠨᠳᠦᠰᠦᠳᠡᠨ ‍ᠤ ᠬᠤᠶᠠᠳᠤᠭᠠᠷ ᠬᠡᠤᠬᠡᠳ ‍ᠤᠨ ᠴᠡᠴᠡᠷᠯᠢᠭ ‍ᠤᠨ ᠮᠦᠩᠭᠡᠲᠡᠷᠭᠡᠯ ᠭᠤᠷᠪᠠᠳᠤᠭᠠᠷ ᠲᠤ ᠤᠷᠤᠵᠠᠢ᠃ ᠦᠷᠴᠠᠶᠢᠬᠤᠪᠠᠶᠠᠷ᠂ ᠶᠢᠨᠰᠦ᠋ᠧᠧ᠂ ᠰᠤᠷᠤᠨ᠎ᠠ᠂ ᠤᠷᠠᠯᠢᠭ᠂ ᠭᠡᠷᠡᠯᠴᠤᠬᠳᠦ᠂ ᠨᠠᠷᠠᠰᠦ ᠵᠡᠷᠭᠡ ᠵᠢᠷᠭᠤᠭᠠᠨ ᠤᠷᠤᠯᠴᠠᠬᠴᠢ ᠰᠢᠯᠢᠳᠡᠭ ᠱᠠᠩᠨᠠᠯ ᠬᠦᠷᠳᠡᠭᠰᠡᠨ ᠪᠠᠶᠢᠨ᠎ᠠ᠃ (ᠨᠡᠶᠢᠳᠡᠯᠡᠯ ᠢ ᠰᠢᠯᠢᠩᠬᠤᠳᠠ ᠶᠢᠨ ᠳᠤᠭ᠎ᠠ ᠪᠦᠷᠢᠳᠬᠡᠯ ᠤᠨ ᠳᠤᠪᠴᠢᠶ᠎ᠠ ᠶᠢᠨ ᠴᠢᠷᠮ᠎ᠠ)

ᠭᠤᠷᠪᠠᠳᠤᠭᠠᠷ ᠪᠠᠶᠢᠷᠢᠨ ᠳᠤ ᠳᠤᠳᠤᠷᠠᠭᠰᠠᠨ ᠮᠦᠩᠬᠡᠳᠡᠷᠬᠡᠯ

ᠭᠤᠷᠪᠠᠳᠤᠭᠠᠷ ᠪᠠᠶᠢᠷᠢᠨ ᠳᠤ ᠳᠤᠳᠤᠷᠠᠭᠰᠠᠨ ᠮᠢᠳᠤᠬᠮ᠎ᠠ

ᠬᠢᠨᠠᠭᠴᠢᠳ ᠤᠨ ᠪᠠᠭ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121643057