蒙古文网站Logo
ᠰᠢᠨᠬᠤᠸᠠ ᠮᠤᠩᠭ᠋ᠤᠯ ᠨᠧᠲ

ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠪᠡᠭᠡᠵᠢᠩ ᠤᠨ ᠤᠯᠠᠨ ᠤᠯᠤᠰ ᠤᠨ ᠦᠬᠡ ᠬᠡᠯᠡᠨ ᠤ ᠰᠤᠶᠤᠯ ᠤᠨ ᠶᠠᠭᠠᠷᠠᠮᠠᠭ ᠶᠠᠪᠤᠭᠳᠠᠪᠠ

2017-09-13 11:50

9 ᠰᠠᠷ᠎ᠠ ᠶᠢᠨ 12 ᠤᠨ ᠡᠳᠦᠷ ᠰᠤᠨᠢᠷᠬᠠᠭᠴᠢ ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠪᠡᠭᠡᠵᠢᠩ ᠤᠨ ᠤᠯᠠᠨ ᠤᠯᠤᠰ ᠤᠨ ᠦᠬᠡ ᠬᠡᠯᠡᠨ ᠤ ᠰᠤᠶᠤᠯ ᠤᠨ ᠶᠠᠭᠠᠷᠠᠮᠠᠭ ᠳᠡᠭᠡᠷ᠎ᠠ ᠤᠬᠠᠭᠠᠯᠢᠭ ᠮᠠᠰᠢᠨ ᠬᠦᠮᠦᠨ ᠲᠠᠢ ᠶᠠᠷᠢᠯᠴᠠᠵᠤ ᠪᠠᠶᠢᠭ᠎ᠠ ᠨᠢ

    9 ᠰᠠᠷ᠎ᠠ ᠶᠢᠨ 11 ᠡᠴᠡ 13 ᠤ ᠡᠳᠦᠷ ᠪᠤᠯᠲᠠᠯ᠎ᠠ᠂ ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠪᠡᠭᠡᠵᠢᠩ ᠤᠨ ᠤᠯᠠᠨ ᠤᠯᠤᠰ ᠤᠨ ᠦᠬᠡ ᠬᠡᠯᠡᠨ ᠤ ᠰᠤᠶᠤᠯ ᠤᠨ ᠶᠠᠭᠠᠷᠠᠮᠠᠭ ᠪᠡᠭᠡᠵᠢᠩ ᠬᠤᠲᠠ ᠳᠤ ᠶᠠᠪᠤᠭᠳᠠᠨ᠎ᠠ᠃ ᠠᠷᠪᠠᠨ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠪᠡᠭᠡᠵᠢᠩ ᠤᠨ ᠤᠯᠠᠨ ᠤᠯᠤᠰ ᠤᠨ ᠰᠤᠶᠤᠯ ᠤᠨ ᠪᠦᠲᠦᠭᠡᠯᠴᠢ ᠠᠵᠤ ᠦᠢᠯᠡᠰ ᠤᠨ ᠶᠠᠭᠠᠷᠠᠮᠠᠭ ᠤᠨ ᠴᠢᠬᠤᠯᠠ ᠪᠦᠷᠢᠯᠳᠦᠬᠦᠨ ᠬᠡᠰᠡᠭ ᠪᠤᠯᠤᠭᠰᠠᠨ ᠠᠩᠬᠠᠳᠤᠭᠠᠷ ᠬᠤᠭᠤᠴᠠᠭᠠᠨ ᠤ ᠦᠭᠡ ᠬᠡᠯᠡᠨ ᠤ ᠶᠠᠭᠠᠷᠠᠮᠠᠭ《ᠦᠭᠡ ᠬᠡᠯᠡ᠂ ᠲᠡᠯᠡᠬᠡᠢ ᠳ᠋ᠠᠬᠢᠨ ᠢ ᠤᠯᠠᠮ ᠡᠩᠬᠡ ᠲᠠᠶᠢᠪᠤᠩ᠂ ᠪᠤᠯᠪᠠᠰᠤᠨ ᠢ ᠤᠯᠠᠮ ᠭᠤᠶᠢᠲᠠ ᠰᠠᠶᠢᠬᠠᠨ ᠪᠤᠯᠭᠠᠨ᠎ᠠ》 ᠬᠡᠮᠡᠬᠦ ᠭᠤᠤᠯ ᠰᠡᠳᠦᠪ ᠤᠨ ᠲᠤᠭᠤᠷᠢᠨ ᠳᠤ ᠶᠠᠪᠤᠭᠳᠠᠵᠤ᠂ ᠠᠮᠵᠢᠯᠲᠠ ᠪᠦᠲᠦᠭᠡᠯ ᠤᠨ ᠦᠵᠡᠰᠭᠦᠯᠡᠩ ᠤᠨ ᠪᠦᠰᠡ᠂ ᠠᠵᠤ ᠠᠬᠤᠶᠢᠯᠠᠯ ᠤᠨ ᠦᠵᠡᠰᠭᠦᠯᠡᠩ ᠤᠨ ᠪᠦᠰᠡ ᠪᠤᠯᠤᠨ ᠦᠵᠡᠭᠦᠯᠦᠯᠭᠡ ᠶᠢᠨ ᠲᠤᠭᠯᠠᠯᠲᠠ ᠶᠢᠨ ᠬᠦᠳᠡᠯᠦᠯᠴᠡᠬᠦ ᠪᠦᠰᠡ ᠬᠤᠪᠢᠶᠠᠨ ᠳᠤᠮᠳᠠᠳᠤ ᠶᠢᠨ ᠦᠭᠡ ᠬᠡᠯᠡᠨ ᠤ ᠰᠤᠶᠤᠯ ᠤᠨ ᠪᠦᠲᠦᠭᠡᠨ ᠪᠠᠶᠢᠭᠤᠯᠤᠯᠲᠠ ᠶᠢᠨ ᠠᠮᠵᠢᠯᠲᠠ ᠪᠦᠲᠦᠮᠵᠢ᠂ ᠦᠭᠡ ᠬᠡᠯᠡᠨ ᠤ ᠲᠦᠷᠦᠯ ᠤᠨ ᠪᠠᠶᠡᠲᠤ ᠪᠤᠰᠤ ᠰᠤᠶᠤᠯ ᠤᠨ ᠦᠪ᠂ ᠦᠭᠡ ᠬᠡᠯᠡᠨ ᠤ ᠰᠤᠶᠤᠯ ᠤᠨ ᠲᠸᠭ᠍ᠨᠤᠯᠤᠭᠢ ᠶᠢᠨ ᠪᠦᠲᠦᠭᠡᠭ᠍ᠲᠡᠬᠦᠨ ᠵᠡᠷᠭᠡ ᠶᠢ ᠭᠤᠤᠯᠳᠠᠯᠭ᠎ᠠ ᠲᠠᠢ ᠦᠵᠡᠭᠦᠯᠵᠤ᠂ ᠳᠡᠯᠡᠬᠡᠢ ᠶᠢᠨ ᠦᠭᠡ ᠬᠡᠯᠡᠨ ᠤ ᠰᠤᠶᠤᠯ ᠤᠨ ᠰᠤᠯᠢᠯᠴᠠᠭᠠᠨ ᠤ ᠬᠠᠷᠢᠯᠴᠠᠨ ᠲᠤᠯᠢᠳᠠᠯ ᠢ ᠬᠠᠷᠠᠭᠤᠯᠵᠠᠢ᠃ ( ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠱᠸᠨ ᠪᠦᠸᠸ ᠬᠠᠨ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121656132