蒙古文网站Logo
ᠰᠢᠨᠬᠤᠸᠠ ᠮᠤᠩᠭ᠋ᠤᠯ ᠨᠧᠲ

ᠢᠳᠡᠭᠡᠮᠵᠢᠲᠤ ᠤᠬᠠᠭᠠᠯᠢᠭ ᠨᠤᠮ ᠵᠢᠭᠡᠯᠡᠬᠦ ᠬᠤᠷᠭᠤ ᠠᠰᠢᠭᠯᠠᠯᠲᠠ ᠳᠤ ᠤᠷᠤᠪᠠ

2017-09-14 17:21

    ᠲᠦᠷᠦᠭᠦᠬᠡᠨ᠂ ᡁᠢ ᠮᠠ ᠢᠳᠡᠭᠡᠮᠵᠢ᠂ ᠱᠠᠩᠬᠠᠢ ᠶᠢᠨ ᠶᠠᠩ ᠪᠦᠸᠸ ᠲᠤᠭᠤᠷᠢᠭ ᠤᠨ ᠨᠤᠮ ᠤᠨ ᠰᠠᠩ ᠪᠤᠯᠤᠨ ᠵᠢᠶᠠ ᠲᠦ᠋ ᠺᠤᠮᠫᠠᠨᠢ ᠡᠴᠡ ᠬᠠᠮᠲᠤᠷᠠᠨ ᠦᠢᠯᠡᠳᠦᠭᠰᠡᠨ ᠢᠳᠡᠭᠡᠮᠵᠢᠲᠤ ᠤᠬᠠᠭᠠᠯᠢᠭ ᠨᠤᠮ ᠵᠢᠭᠡᠯᠡᠬᠦ ᠬᠤᠷᠭᠤ ᠶᠠᠩ ᠪᠦᠸᠸ ᠲᠤᠭᠤᠷᠢᠭ ᠤᠨ ᠵᠡᠭᠡᠯᠢ ᠳᠤ ᠠᠰᠢᠭᠯᠠᠯᠲᠠ ᠳᠤ ᠤᠷᠤᠪᠠ᠃ ᠡᠳᠡᠭᠡᠷ ᠢᠳᠡᠭᠡᠮᠵᠢᠲᠤ ᠤᠬᠠᠭᠠᠯᠢᠭ ᠨᠤᠮ ᠵᠢᠭᠡᠯᠡᠬᠦ ᠬᠤᠷᠭᠤ ᠶᠢᠨ ᠠᠰᠢᠭᠯᠠᠯᠲᠠ ᠳᠤ ᠤᠷᠤᠭᠰᠠᠨ ᠢᠶᠡᠷ ᠤᠩᠰᠢᠭᠴᠢᠳ ᠲᠤ ᠴᠠᠭ ᠭᠠᠵᠠᠷ ᠤᠷᠤᠨ ᠤ ᠬᠢᠵᠠᠭᠠᠷᠯᠠᠯ ᠦᠭᠡᠢ ᠦᠢᠯᠡᠴᠢᠯᠡᠭᠡ ᠬᠠᠩᠭ᠋ᠠᠬᠤ ᠪᠤᠯᠵᠠᠢ᠃

    ᠤᠩᠰᠢᠭᠴᠢᠳ ᠭᠠᠷ ᠤᠲᠠᠰᠤ᠂ ᠺᠤᠮᠫᠢᠦ᠋ᠲ᠋ᠸᠷ ᠢᠶᠡᠷ ᠢᠳᠡᠭᠡᠮᠵᠢᠲᠤ ᠤᠬᠠᠭᠠᠯᠢᠭ ᠨᠤᠮ ᠵᠢᠭᠡᠯᠡᠬᠦ ᠬᠤᠷᠭᠤ ᠶᠢᠨ ᠲᠠᠪᠴᠠᠩ ᠳᠤ ᠬᠤᠯᠪᠤᠭᠳᠠᠵᠤ᠂ ᠨᠤᠮ ᠵᠢᠭᠡᠯᠡᠬᠦ ᠡᠷᠡᠮᠡᠯᠵᠡᠯ ᠦᠭ᠍ᠭᠦᠭ᠍ᠰᠡᠭᠡᠷ ᠨᠤᠮ ᠤᠨ ᠰᠠᠩ ᠤᠨ ᠠᠵᠢᠯᠲᠠᠨ ᠳᠠᠷᠤᠢ ᠲᠦᠷᠭᠡᠨ ᠨᠤᠮ ᠢ ᠬᠠᠶᠢᠨ ᠤᠯᠵᠤ ᠪᠠᠷᠠᠭᠠᠨ ᠤ ᠭᠦᠢᠯᠭᠡᠭᠡᠨ ᠤ ᠰᠢᠰᠲ᠋ᠸᠮ ᠢᠶᠡᠷ ᠤᠩᠰᠢᠭᠴᠢᠳ ᠤᠨ ᠵᠢᠭᠠᠪᠤᠷᠢᠯᠠᠭᠰᠠᠨ ᠭᠠᠵᠠᠷ ᠲᠤ ᠬᠦᠷᠭᠡᠬᠦ ᠶᠢᠨ ᠬᠠᠮᠲᠤAPP ᠶ᠋ᠢᠨ ᠰᠤᠷᠠᠭ ᠵᠠᠩᠭᠢ᠂ ᠴᠠᠬᠢᠮ ᠴᠢᠮᠡᠭᠡ ᠵᠡᠷᠭᠡ ᠠᠷᠭ᠎ᠠ ᠪᠠᠷᠢᠯ ᠢᠶᠡᠷ ᠤᠩᠰᠢᠭᠴᠢᠳ ᠲᠤ ᠮᠡᠳᠡᠭᠳᠡᠨ᠎ᠠ᠃ ᠪᠦᠬᠦᠶᠢᠯᠡ ᠶᠠᠪᠤᠴᠠ ᠨᠢ ᠳᠦᠭᠦᠮ ᠮᠦᠷᠲᠡᠭᠡᠨ ᠬᠢᠯᠪᠠᠷ᠃

ᠢᠷᠡᠯᠳᠡ᠄ ᠰᠢᠨ ᠮᠢᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121665034