蒙古文网站Logo
ᠰᠢᠨᠬᠤᠸᠠ ᠮᠤᠩᠭ᠋ᠤᠯ ᠨᠧᠲ

ᠵᠠᠯᠠᠭᠤ ᠲᠠᠭᠤᠴᠢᠨ ᠬᠠᠶᠢᠷ᠎ᠠ ᠶᠢᠨ《ᠢᠯᠡᠬᠦᠦ ᠰᠠᠷ᠎᠎ᠠ ᠲᠠᠢ ᠨᠠᠮᠤᠷ》 ᠠᠶ᠎ᠠ ᠲᠠᠭᠤᠤ ᠶᠢᠨ ᠴᠡᠩᠭᠡᠬᠦᠨ ᠪᠤᠯᠵᠤ ᠦᠩᠭᠡᠷᠡᠪᠡ

2017-09-22 10:53

    ᠰᠢᠨᠬᠤᠧᠠ ᠮᠤᠩᠭ᠋ᠤᠯ ᠨᠧᠲ   ᠬᠦᠬᠡᠬᠤᠲᠠ ᠶᠢᠨ 9 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ (ᠬ ᠦᠵᠡᠰᠬᠦᠯᠡᠩ ) 20 ᠤ ᠤᠷᠤᠢ᠂ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤ ᠪᠡᠷ ᠨᠤᠲᠤᠭ ᠲᠠᠢ ᠵᠠᠯᠠᠭᠤ ᠲᠠᠭᠤᠴᠢᠨ ᠬᠠᠶᠢᠷ᠎ᠠ ᠶᠢᠨ 《ᠢᠯᠡᠬᠦᠦ ᠰᠠᠷ᠎᠎ᠠ ᠲᠠᠢ ᠨᠠᠮᠤᠷ》 ᠠᠶ᠎ᠠ ᠲᠠᠭᠤᠤ ᠶᠢᠨ ᠴᠡᠩᠭᠡᠬᠦᠨ ᠲᠡᠭᠦᠨ ᠤ ᠡᠬᠡ ᠰᠤᠷᠭᠠᠭᠤᠯᠢ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠳ᠋ᠤ ᠪᠤᠯᠵᠤ ᠦᠩᠭᠡᠷᠡᠪᠡ᠃

    ᠵᠠᠯᠠᠭᠤ ᠲᠠᠭᠤᠴᠢᠨ ᠬᠠᠶᠢᠷ᠎ᠠ 2012 ᠤᠨ ᠳ᠋ᠤ ᠮᠤᠩᠭ᠋ᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳ᠋ᠤ ᠰᠢᠯᠭᠠᠭᠤᠯᠤᠨ ᠤᠷᠤᠵᠤ ᠤᠷᠲᠤ ᠶᠢᠨ ᠲᠠᠭᠤᠤ ᠶᠢᠨ ᠮᠡᠷᠭᠡᠵᠢᠯ ᠢᠶᠡᠷ ᠰᠤᠷᠤᠯᠴᠠᠨ 2017 ᠤᠨ ᠳ᠋ᠤ ᠠᠮᠵᠢᠯᠲᠠ ᠲᠠᠢ ᠪᠡᠷ ᠰᠤᠷᠤᠯᠭ᠎ᠠ ᠲᠡᠭᠦᠰᠴᠡᠢ᠃ 2013 ᠤᠨ ᠳ᠋ᠤ 《 ᠢᠯᠡᠬᠦᠦ ᠰᠠᠷ᠎ᠠ ᠲᠠᠢ ᠨᠠᠮᠤᠷ 》 ᠤᠷᠠᠠ ᠪᠦᠲᠦᠭᠡᠯ ᠢᠶᠡᠷ ᠢᠶᠡᠨ ᠤᠷᠠᠯᠢᠭ ᠤᠨ ᠵᠠᠮ ᠢᠶᠡᠨ ᠡᠯᠬᠦᠵᠦ᠂ ᠲᠠᠭᠤᠤ ᠶᠢᠨ ᠪᠠᠬᠠᠲᠠᠳ ᠲᠠᠭᠠᠨ ᠲᠠᠨᠢᠭᠲᠠᠨ ᠬᠦᠷᠢᠶᠡᠯᠡᠯ ᠶᠡᠬᠡᠪᠡᠷ ᠤᠯᠵᠡᠢ᠂ ᠲᠤᠰ ᠲᠠᠭᠤᠤ ᠨᠢ 《ᠡᠬᠡᠰᠢᠭ᠌》 ᠰᠤᠹᠲ ᠤᠨ ᠬᠠᠮᠤᠭ ᠤᠨ ᠤᠯᠠᠨ ᠬᠦᠮᠦᠨ ᠲᠠᠲᠠᠵᠤ ᠰᠤᠨᠤᠰᠤᠭᠰᠠᠨ᠂ ᠬᠠᠮᠤᠭ ᠤᠨ ᠬᠦᠷᠢᠶᠡᠯᠡᠯ ᠲᠠᠢ ᠲᠠᠭᠤᠨ ᠤ ᠵᠢᠬᠰᠠᠭᠠᠯᠲᠠ ᠳ᠋ᠤ ᠲᠡᠷᠢᠬᠦᠯᠡᠵᠡᠢ᠃ ᠮᠦᠨ ᠲᠡᠭᠦᠨ ᠤ ᠲᠠᠭᠤᠯᠠᠭᠰᠠᠨ《 ᠲᠡᠮᠡᠭᠡᠨ ᠤ ᠲᠠᠭᠤ》᠂《 ᠪᠦᠪᠡᠢ ᠡᠵᠢ》 ᠪᠤᠯᠤᠨ ᠰᠡᠷᠭᠦᠭᠡᠵᠦ ᠲᠠᠭᠤᠯᠤᠭᠰᠠᠨ 《ᠵᠦᠰᠡᠷ ᠪᠤᠷᠤᠭᠠᠨ》ᠵᠡᠷᠭᠡ ᠲᠠᠭᠤᠤ ᠨᠤᠭᠤᠳ ᠨᠢ ᠲᠠᠭᠤᠤ ᠶᠢᠨ ᠪᠠᠬᠠᠲᠠᠳ ᠤᠨ ᠲᠤᠮᠲᠠ ᠦᠷᠭᠡᠨ ᠬᠡᠮᠵᠢᠶᠠᠨ ᠤ ᠤᠷᠤᠨ ᠵᠠᠢ ᠲᠠᠢ ᠪᠠᠶᠢᠲᠠᠭ᠃ ᠲᠡᠷᠡᠪᠡᠷ ᠤᠷᠠᠯᠢᠭ ᠤᠨ ᠵᠠᠮ ᠳ᠋ᠤ ᠰᠠᠨᠠᠭ᠎ᠠ ᠤᠨᠤᠭ᠎ᠠ ᠨᠡᠶᠢᠯᠡᠲᠡᠭ ᠠᠨᠲᠠ ᠨᠦᠬᠦᠳ ᠲᠠᠢ ᠪᠠᠨ ᠬᠠᠮᠲᠤ ᠪᠡᠷ 《ᠡᠪ ᠤᠨ ᠲᠦᠰᠢᠭ ᠲᠠᠢ ᠠᠨᠲᠠ》 ᠲᠠᠭᠤᠤ ᠶᠢ ᠲᠠᠭᠤᠯᠠᠵᠤ ᠵᠠᠯᠠᠭᠤ ᠤᠷᠠᠨ ᠪᠦᠲᠦᠭᠡᠯᠴᠢᠳ ᠤᠨ ᠴᠤᠭ ᠵᠢᠪᠬᠤᠭ᠎ᠠ ᠶᠢ ᠬᠦᠮᠦᠰ ᠲᠤ ᠲᠠᠨᠢᠭᠤᠯᠵᠤ ᠶᠠᠪᠤᠯ᠎ᠠ᠂ ᠡᠶᠢᠨ ᠬᠦ ᠡᠬᠡ ᠰᠤᠷᠭᠠᠭᠤᠯᠢ᠂ ᠡᠷᠲᠡᠮᠲᠡᠨ ᠪᠠᠭᠰᠢᠨᠠᠷ ᠲᠠᠭᠠᠨ ᠲᠠᠯᠠᠷᠬᠠᠯ ᠢᠯᠡᠷᠬᠡᠶᠢᠯᠡᠵᠦ᠂ ᠤᠶᠤᠲᠠᠨ ᠵᠠᠯᠠᠭᠤᠰ ᠤᠨ ᠢᠶᠡᠨ ᠰᠤᠷᠤᠯᠭ᠎ᠠ ᠠᠮᠢᠲᠤᠷᠠᠯ ᠤᠨ ᠲᠦᠷᠦᠭᠡ ᠶᠢ ᠴᠢᠩᠭ᠋ᠠᠯᠠᠬᠤ ᠪᠡᠷ ᠲᠤᠰ ᠴᠡᠩᠭᠡᠬᠦᠨ ᠢᠶᠡᠨ ᠵᠤᠬᠢᠶᠠᠨ ᠪᠠᠶᠢᠭᠤᠯᠤᠭᠰᠠᠨ  ᠶᠤᠮ᠃

    ᠵᠠᠯᠠᠭᠤ ᠲᠠᠭᠤᠴᠢᠨ ᠬᠠᠶᠢᠷ᠎ᠠ ᠰᠤᠷᠪᠤᠯᠵᠢᠯᠠᠭ᠎ᠠ ᠬᠦᠯᠢᠶᠡᠬᠦ ᠳ᠋ᠡᠭᠡᠨ᠂ ᠲᠦᠷᠦᠵᠦ ᠦᠰᠭᠡᠭ᠍ᠰᠡᠨ ᠠᠪᠤ ᠡᠵᠢ᠂ ᠤᠷᠠᠯᠢᠭ ᠤᠨ ᠵᠠᠮ ᠳ᠋ᠤ ᠬᠦᠲᠦᠯᠵᠦ ᠡᠷᠲᠡᠮ ᠮᠡᠲᠡᠯᠭᠡ ᠪᠠᠨ ᠬᠠᠷᠠᠮ ᠦᠭᠡᠢ ᠵᠢᠭᠠᠵᠤ ᠰᠤᠷᠭᠠᠭᠰᠠᠨ ᠪᠠᠭᠰᠢᠨᠠᠷ᠂ ᠨᠤᠲᠤᠭ ᠤᠰᠤᠨ ᠤ ᠠᠬᠠᠮᠠᠳ ᠲᠤᠮᠤᠭᠠᠲᠠᠳ᠂ ᠨᠠᠶᠢᠵᠠ ᠨᠦᠬᠦᠳ ᠲᠠᠭᠤᠤ ᠶᠢᠨ ᠪᠠᠬᠠᠲᠠᠳ ᠲᠠᠭᠠᠨ ᠪᠠᠶᠠᠷᠯᠠᠵᠤ ᠪᠠᠶᠢᠨ᠎ᠠ᠂ ᠨᠡᠩ ᠢᠯᠡᠬᠦᠦ ᠬᠢᠴᠢᠶᠠᠨ ᠵᠢᠳᠬᠦᠵᠦ ᠰᠠᠶᠢᠬᠠᠨ ᠲᠠᠭᠤᠤ ᠤᠷᠠᠨ ᠪᠦᠲᠦᠭᠡᠯ ᠢᠶᠡᠨ ᠲᠠ ᠪᠦᠬᠦᠨ ᠳ᠋ᠡᠭᠡᠨ ᠲᠡᠪᠰᠢᠬᠦᠯᠬᠦ ᠪᠤᠯᠤᠨ᠎ᠠ ᠭᠡᠵᠡᠢ᠃ 

ᠢᠷᠡᠯᠳᠡ᠄ ᠰᠢᠨᠬᠤᠸᠠ ᠮᠣᠩᠭᠣᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121707355