蒙古文网站Logo
ᠰᠢᠨᠬᠤᠸᠠ ᠮᠤᠩᠭ᠋ᠤᠯ ᠨᠧᠲ

《ᠬᠣᠪᠢᠯᠠᠢ ᠬᠠᠭᠠᠨ》ᠬᠡᠮᠡᠬᠦ ᠤᠯᠠᠨ ᠠᠩᠬᠢᠳᠤ ᠺᠢᠨᠣ᠋ ᠶᠢ ᠬᠢᠵᠤ ᠳᠠᠭᠤᠰᠬᠠᠪᠠ

2017-09-28 12:22

    ᠦᠪᠦᠷ ᠮᠣᠩᠭᠣᠯ ᠤᠨ ᠳᠠᠯ᠎ᠠ ᠨᠣᠳᠣᠭ ᠤᠨ ᠰᠣᠶᠣᠯ ᠢ ᠬᠠᠮᠠᠭᠠᠯᠠᠵᠣ ᠬᠦᠭᠵᠢᠬᠦᠯᠬᠦ ᠰᠠᠭᠣᠷᠢ ᠮᠦᠩᠬᠦᠨ ᠦ ᠨᠡᠶᠢᠬᠡᠮᠯᠢᠭ ᠡᠴᠡ ᠭᠣᠣᠯᠯᠠᠨ ᠡᠷᠬᠢᠯᠡᠭᠰᠡᠨ《ᠬᠣᠪᠢᠯᠠᠢ ᠬᠠᠭᠠᠨ》ᠭᠡᠬᠦ ᠲᠣᠮᠣ ᠬᠡᠯᠪᠡᠷᠢ ᠶᠢᠨ ᠲᠡᠦᠬᠡᠨ ᠰᠡᠳᠣᠪᠳᠣ ᠣᠯᠠᠨ ᠠᠩᠬᠢᠳᠣ ᠺᠢᠨᠣ᠋ ᠶᠢ ᠬᠢᠵᠤ ᠳᠠᠭᠤᠰᠤᠭᠰᠠᠨ ᠳᠣᠬᠠᠢ ᠬᠡᠪᠯᠡᠯ ᠮᠡᠳᠡᠬᠡᠯᠡᠯ ᠤᠨ ᠬᠣᠷᠠᠯ 9 ᠰᠠᠷ᠎ᠠ ᠶᠢᠨ 26 ᠦ ᠡᠳᠣᠷ ᠪᠡᠬᠡᠵᠢᠩ ᠳ᠋ᠤ ᠪᠣᠯᠵᠣ ᠦᠩᠬᠡᠷᠡᠯ᠎ᠡ᠃

    ᠦᠪᠦᠷ ᠮᠣᠩᠭᠣᠯ ᠶᠢᠨ ᠱᠢ ᠴᠢ ᠪᠦᠯᠦᠭᠯᠡᠯ ᠡᠴᠡ ᠬᠠᠮᠢᠶᠠᠳᠠᠢ ᠪᠠᠶᠢᠭᠣᠯᠤᠯᠭ᠎ᠠ ᠨᠢᠬᠡᠴᠠ ᠲᠡᠢ ᠬᠣᠯᠪᠣᠭᠠᠯᠠᠨ ᠬᠢᠭᠰᠡᠨ《ᠬᠣᠪᠢᠯᠠᠢ ᠬᠠᠭᠠᠨ》ᠣᠯᠠᠨ ᠠᠩᠬᠢᠳᠣ ᠺᠢᠨᠣ᠋ ᠨᠢ ᠬᠣᠶᠠᠷ ᠵᠢᠯ ᠭᠠᠷᠣᠢ ᠶᠢᠨ ᠪᠡᠯᠡᠳᠬᠡᠯ ᠠᠵᠢᠯ᠂ ᠳᠣᠯᠣᠭᠠᠨ ᠰᠠᠷ᠎ᠠ ᠭᠠᠷᠤᠢ ᠵᠢᠨ ᠵᠢᠷᠤᠭᠯᠠᠬᠤ ᠶᠠᠪᠣᠴᠠ ᠶᠢ ᠦᠩᠬᠡᠷᠡᠭᠡᠨ᠂ ᠢᠷᠡᠬᠦ ᠵᠢᠯ ᠦᠵᠡᠭᠴᠢ ᠣᠯᠠᠨ ᠲᠡᠢ ᠵᠣᠯᠭᠠᠬᠣ ᠪᠠᠷ ᠪᠠᠶᠢᠨ᠎ᠠ᠃ ᠺᠢᠨᠣ᠋ ᠳᠤ ᠬᠣᠪᠢᠯᠠᠢ ᠬᠠᠭᠠᠨ ᠤ ᠬᠦᠮᠦᠨ ᠲᠦᠷᠦᠯᠬᠢᠳᠡᠨ ᠦ ᠬᠦᠭᠵᠢᠯᠳᠡ ᠳ᠋ᠤ ᠦᠵᠡᠬᠦᠯᠦᠭᠰᠡᠨ ᠠᠦᠭ᠎ᠠ ᠵᠢᠳᠬᠦᠯ ᠢ ᠦᠨᠡᠨ ᠮᠦᠨ ᠢᠶᠠᠷ ᠨᠢ ᠬᠠᠷᠠᠭᠣᠯᠬᠣ ᠶᠢ ᠵᠣᠷᠢᠭᠰᠠᠨ ᠪᠦᠬᠡᠳ ᠨᠡᠶᠢᠳᠡ ᠬᠣᠶᠠᠷ ᠵᠠᠭᠤ ᠭᠠᠷᠤᠢ ᠲᠦᠷᠢ ᠶᠢ ᠠᠮᠢᠯᠠᠭᠣᠯᠣᠭᠰᠠᠨ ᠪᠠᠶᠢᠨ᠎ᠠ᠃

    ᠬᠤᠷᠠᠯ ᠤᠨ ᠳᠠᠷᠠᠭ᠎ᠠ ᠪᠠᠰᠠ ᠴᠦᠬᠡᠨ ᠳᠣᠭᠠᠳᠣ ᠦᠨᠳᠣᠰᠣᠳᠡᠨ ᠤ ᠺᠢᠨᠣ᠋ ᠵᠦᠴᠦᠬᠡ ᠶᠢ ᠴᠢᠨᠠᠭᠰᠢᠳᠠ ᠣᠯᠠᠮᠵᠢᠯᠠᠨ ᠬᠦᠭᠵᠢᠬᠦᠯᠬᠦ ᠳᠣᠬᠠᠢ ᠰᠣᠳᠣᠯᠣᠨ ᠶᠠᠷᠢᠯᠴᠠᠬᠣ ᠬᠣᠷᠠᠯ ᠪᠣᠯᠵᠣ᠂ 20 ᠭᠠᠷᠣᠢ ᠨᠡᠷᠡᠳᠣ ᠡᠷᠳᠡᠮᠳᠡᠨ ᠰᠣᠳᠣᠯᠭᠠᠳᠠᠨ ᠰᠠᠨᠠᠯ ᠪᠣᠳᠣᠯ ᠢᠶᠠᠨ ᠴᠢᠯᠦᠬᠡᠳᠡᠢ ᠰᠣᠯᠢᠯᠴᠠᠭᠰᠠᠨ ᠪᠠᠶᠢᠨ᠎ᠠ᠃

ᠢᠷᠡᠯᠳᠡ᠄ ᠳᠤᠮᠳᠠᠳᠤ ᠤᠯᠤᠰ ᠤᠨ ᠮᠤᠩᠭ᠋ᠤᠯ ᠷᠠᠳᠢᠣ᠋ ᠰᠦᠯᠵᠢᠶ᠎ᠡ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121738793