蒙古文网站Logo
ᠰᠢᠨᠬᠤᠸᠠ ᠮᠤᠩᠭ᠋ᠤᠯ ᠨᠧᠲ

ᠠᠷᠠᠳ ᠤᠨ ᠰᠠᠶᠢᠨ ᠴᠠᠭᠳᠠᠭ᠎ᠠ ᠪᠤᠶᠠᠨᠳᠡᠯᠭᠡᠷ ᠢᠶᠡᠷ ᠤᠭ ᠲᠦᠷᠢ ᠪᠤᠯᠭᠠᠭᠰᠠᠨ ᠺᠢᠨᠣ᠋ ᠵᠢᠷᠤᠭᠯᠠᠵᠤ ᠡᠬᠢᠯᠡᠯ᠎ᠡ

2017-09-29 15:54

    9 ᠰᠠᠷ᠎ᠠ ᠶᠢᠨ 27 ᠤ ᠡᠳᠦᠷ᠂ ᠤᠯᠤᠰ ᠲᠠᠶᠠᠭᠠᠷ ᠤᠨ ᠰᠢᠯᠢᠳᠡᠭ ᠠᠷᠠᠳ ᠤᠨ ᠴᠠᠭᠳᠠᠭ᠎ᠠ ᠪᠤᠶᠠᠨᠳᠡᠯᠭᠡᠷ ᠢᠶᠠᠷ ᠤᠭ ᠲᠦᠷᠢ ᠪᠤᠯᠭᠠᠭᠰᠠᠨ《ᠲᠤᠭᠤᠷᠢᠭ ᠤᠨ ᠴᠠᠭᠳᠠᠭ᠎ᠠ ᠪᠤᠶᠠᠨ》ᠦᠪᠦᠷ ᠮᠤᠩᠭᠤᠯ ᠤᠨ ᠤᠷᠠᠳ ᠤᠨ ᠬᠤᠶᠢᠲᠤ ᠬᠤᠰᠢᠭᠤᠨ ᠤ ᠨᠠᠭᠠᠳᠤᠮ ᠤᠨ ᠬᠤᠷᠠᠯ ᠤᠨ ᠲᠠᠯᠠᠪᠠᠢ ᠳᠤ ᠡᠬᠢᠯᠡᠵᠦ ᠵᠢᠷᠤᠭᠯᠠᠬᠤ ᠶᠤᠰᠤᠯᠠᠯ ᠵᠤᠬᠢᠶᠠᠨ ᠪᠠᠶᠢᠭᠤᠯᠵᠤ᠂ ᠡᠨᠡᠬᠦ 3 ᠵᠢᠯ ᠭᠠᠷᠤᠢ ᠪᠡᠯᠡᠳᠭᠡᠯ ᠬᠢᠭᠰᠡᠨ ᠤᠳᠤ ᠦᠶ᠎ᠡ ᠶᠢᠨ ᠲᠤᠳᠤᠭᠠᠳᠤ ᠶᠢ ᠬᠠᠮᠠᠭᠠᠯᠠᠬᠤ ᠰᠡᠳᠦᠪᠲᠦ ᠭᠤᠤᠯ ᠬᠠᠨᠳᠤᠯᠭᠠᠲᠤ ᠺᠢᠨᠣ᠋ ᠵᠢᠩᠬᠢᠨᠢ ᠪᠠᠷ ᠵᠢᠷᠤᠭᠯᠠᠬᠤ ᠱᠠᠲᠤᠨ ᠳᠤ ᠤᠷᠤᠭᠰᠠᠨ ᠢ ᠬᠠᠷᠠᠭᠤᠯᠪᠠ᠃

    ᠲᠤᠰ ᠺᠢᠨᠣ᠋ ᠨᠢ ᠤᠷᠠᠳ ᠤᠨ ᠬᠤᠶᠢᠲᠤ ᠬᠤᠰᠢᠭᠤᠨ ᠤ ᠴᠤᠬᠠᠦ᠋ᠨᠳᠦᠷ ᠪᠠᠯᠭᠠᠰᠤ ᠶᠢᠨ ᠲᠤᠳᠤᠭᠠᠳᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠶᠢᠨ ᠲᠡᠳ᠋ ᠲᠠᠷᠤᠭ᠎ᠠ ᠪᠤᠶᠠᠨᠳᠡᠯᠭᠡᠷ ᠢᠶᠠᠷ ᠤᠭ ᠲᠦᠷᠢ ᠪᠤᠯᠭᠠᠵᠤ᠂ ᠪᠦᠲᠦᠨ ᠦᠵᠡᠮᠵᠢ ᠶᠢᠨ ᠬᠡᠯᠪᠡᠷᠢ ᠪᠠᠷ ᠦᠷᠭᠡᠨ ᠤᠯᠠᠨ ᠦᠨᠳᠦᠰᠦᠨ ᠱᠠᠲᠤᠨ ᠤ ᠠᠷᠠᠳ ᠤᠨ ᠴᠠᠭᠳᠠᠭ᠎ᠠ ᠶᠢᠨ ᠰᠠᠬᠢᠨ ᠳᠡᠮᠨᠡᠯᠴᠡᠵᠤ᠂ ᠦᠨᠳᠦᠰᠦᠲᠡᠨ ᠤ ᠪᠦᠯᠬᠦᠮᠳᠡᠯ ᠢ ᠬᠠᠮᠠᠭᠠᠯᠠᠨ᠂ ᠢᠷᠭᠡᠳ ᠤᠨ ᠰᠠᠨᠠᠭ᠎ᠠ ᠠᠷᠠᠳ ᠤᠨ ᠠᠮᠢᠳᠤᠷᠠᠯ ᠤᠨ ᠴᠠᠭᠳᠠᠭ᠎ᠠ ᠶᠢᠨ ᠶᠠᠪᠤᠳᠠᠯ ᠢ ᠪᠤᠳᠠᠳᠠᠢ ᠬᠡᠷᠡᠭᠵᠢᠭᠦᠯᠦᠭᠰᠡᠨ ᠠᠵᠢᠯ ᠠᠮᠢᠳᠤᠷᠠᠯ ᠤᠨ ᠪᠠᠶᠢᠳᠠᠯ ᠪᠤᠯᠤᠨ ᠰᠠᠶᠢᠨ ᠰᠠᠶᠢᠬᠠᠨ ᠤᠶᠤᠨ ᠰᠠᠨᠠᠭᠠᠨ ᠤ ᠲᠦᠷᠬᠦ ᠶᠢ ᠬᠠᠷᠠᠭᠤᠯᠵᠠᠢ᠃ ᠺᠢᠨᠣ᠋ ᠨᠢ ᠦᠨᠡᠨ ᠢ ᠡᠷᠬᠢᠮᠯᠡᠵᠦ᠂ ᠬᠢᠯᠢ ᠬᠢᠵᠠᠭᠠᠷ ᠴᠦᠬᠡᠨ ᠲᠤᠭᠠᠲᠤ ᠦᠨᠳᠦᠰᠦᠲᠡᠨ ᠤ ᠭᠠᠵᠠᠷ ᠤᠷᠤᠨ ᠤ ᠪᠠᠶᠢᠭᠠᠯᠢ ᠤᠷᠴᠢᠨ ᠪᠤᠯᠤᠨ ᠠᠷᠠᠳ ᠤᠨ ᠵᠠᠩ ᠠᠷᠠᠨᠰᠢᠨ ᠢ ᠪᠤᠳᠠᠳᠠᠢ ᠪᠠᠷ ᠲᠤᠰᠬᠠᠬᠤ ᠶᠢ ᠵᠤᠷᠢᠨ᠎ᠠ᠃

    《ᠲᠤᠭᠤᠷᠢᠭ ᠤᠨ ᠴᠠᠭᠳᠠᠭ᠎ᠠ ᠪᠤᠶᠠᠨ》ᠬᠡᠮᠡᠬᠦ ᠺᠢᠨᠣ᠋ ᠶᠢ ᠴᠡᠩᠬᠡᠷ ᠨᠤᠳᠤᠭ ᠺᠢᠨᠣ᠋ ᠶᠢᠨ ᠦᠢᠯᠡᠰ ᠤᠨ ᠬᠢᠵᠠᠭᠠᠷᠲᠤ ᠺᠤᠮᠫᠠᠨᠢ ᠪᠤᠯᠤᠨ ᠦᠪᠦᠷ ᠮᠤᠩᠭᠤᠯ ᠤᠨ ᠺᠢᠨᠣ᠋ ᠶᠢᠨ ᠪᠦᠯᠦᠭᠯᠡᠯ ᠬᠠᠮᠲᠤᠷᠠᠨ ᠬᠢᠵᠤ᠂ ᠪᠠᠶᠠᠨᠨᠠᠭᠤᠷ ᠬᠤᠲᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠪᠤᠯᠤᠨ ᠤᠷᠠᠳ ᠤᠨ ᠬᠤᠶᠢᠲᠤ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠬᠠᠮᠳᠤᠷᠠᠨ ᠵᠢᠷᠤᠭᠯᠠᠵᠤ ᠪᠦᠲᠦᠭᠡᠨ᠎ᠡ᠃《ᠴᠠᠭᠳᠠᠭ᠎ᠠ ᠶᠢᠨ ᠡᠳᠦᠷ ᠤᠨ ᠲᠡᠮᠳᠡᠭᠯᠡᠯ》ᠭᠡᠰᠡᠨ ᠺᠢᠨᠣ᠋ ᠶᠢ ᠪᠦᠲᠦᠭᠡᠵᠦ ᠦᠩᠭᠡᠷᠡᠭᠰᠡᠨ ᠤᠯᠤᠰ ᠤᠨ ᠲᠤᠳᠤᠭᠠᠳᠤ ᠶᠢᠨ ᠨᠡᠷᠡᠲᠤ ᠺᠢᠨᠣ᠋ ᠬᠢᠭ᠍ᠴᠢ ᠬᠦᠬᠡᠪᠠᠭᠠᠳᠤᠷ ᠲᠤᠰ ᠺᠢᠨᠣ᠋ ᠶᠢᠨ ᠺᠢᠨᠣ᠋ ᠬᠢᠭ᠍ᠴᠢ ᠪᠠᠷ ᠠᠵᠢᠯᠯᠠᠵᠤ᠂ ᠤᠯᠤᠰ ᠤᠨ ᠲᠤᠳᠤᠭᠠᠳᠤ ᠶᠢᠨ ᠨᠡᠷᠡᠳᠦ ᠵᠠᠯᠠᠭᠤ ᠤᠳᠤᠷᠢᠳᠤᠭᠠᠴᠢ ᠶᠠᠩ ᠶᠢᠨ ᠤᠳᠤᠷᠢᠳᠤᠭᠠᠴᠢ ᠪᠠᠷ ᠠᠵᠢᠯᠯᠠᠨ᠂ ᠤᠯᠤᠰ ᠤᠨ ᠳᠤᠳᠤᠭᠠᠳᠤ ᠶᠢᠨ ᠨᠡᠷᠡᠲᠤ ᠵᠠᠯᠠᠭᠤ ᠵᠤᠬᠢᠶᠠᠯᠴᠢ ᠼᠤᠤ ᠺᠧᠦ ᠵᠦᠴᠦᠭᠡ ᠵᠤᠬᠢᠶᠠᠵᠤ᠂ ᠶᠡᠫᠤᠨ ᠤ ᠨᠡᠷᠡᠲᠦ ᠺᠢᠨᠣ᠋ ᠵᠢᠷᠤᠭᠯᠠᠭᠠᠴᠢ ᠯᠢᠦ ᠳ᠋ᠤᠤ ᠺᠧ ᠶᠢᠢ ᠺᠢᠨᠣ᠋ ᠵᠢᠷᠤᠭᠯᠠᠬᠤ ᠪᠠ ᠵᠠᠯᠠᠭᠤ ᠲᠤᠭᠯᠠᠭᠴᠢ ᠪᠤᠶᠠᠨᠨᠡᠮᠡᠬᠦ᠂ ᠴᠧᠨ ᠸᠧᠢ ᠬᠠᠨ ᠨᠠᠷ ᠳᠦᠷᠢ ᠪᠦᠳᠦᠬᠡᠨ᠎ᠡ᠃ ᠺᠢᠨᠣ᠋ ᠵᠢᠷᠤᠭᠯᠠᠬᠤ ᠬᠤᠭᠤᠴᠠᠭ᠎ᠠ ᠨᠢ ᠨᠢᠭᠡ ᠰᠠᠷ᠎ᠠ᠂ 2018 ᠤᠨ ᠤ ᠬᠤᠶᠠᠷ ᠬᠤᠷᠠᠯ ᠤᠨ ᠬᠤᠭᠤᠴᠠᠭᠠᠨ ᠳᠤ ᠦᠵᠡᠭᠴᠢᠳ ᠲᠠᠢ ᠵᠤᠯᠭᠠᠭᠤᠯᠬᠤ ᠪᠡᠷ ᠳᠦᠯᠦᠪᠯᠡᠵᠤ ᠪᠤᠢ᠃

    ᠺᠢᠨᠣ᠋ ᠶᠢᠨ ᠤᠭ ᠲᠦᠷᠢ ᠪᠤᠯᠬᠤ ᠪᠤᠶᠠᠨᠳᠡᠯᠭᠡᠷ ᠭᠤᠪᠢ ᠨᠤᠳᠤᠭ ᠲᠤ 20 ᠵᠢᠯ ᠭᠦᠨᠵᠡᠭᠡᠶᠢᠷᠡᠨ ᠠᠵᠢᠯᠯᠠᠵᠤ᠂ 1672 ᠲᠡᠭᠰᠢ ᠲᠦᠷᠪᠡᠯᠵᠢᠨ ᠺᠢᠯᠤᠮᠧᠲᠷ ᠤᠨ ᠬᠠᠮᠢᠶᠠᠷᠤᠯᠲᠠ ᠶᠢᠨ ᠲᠤᠭᠤᠷᠢᠭ ᠢ ᠬᠠᠮᠢᠶᠠᠷᠴᠤ᠂ ᠠᠷᠠᠳ ᠲᠦᠮᠡᠨ ᠢ ᠦᠪᠡᠷ ᠤᠨ ᠡᠯᠢᠭᠡᠨ ᠰᠠᠳᠤᠨ ᠠᠳᠠᠯᠢ ᠦᠵᠡᠵᠦ᠂ ᠰᠡᠳᠭᠢᠯ ᠢᠶᠠᠷ ᠢᠶᠠᠨ ᠮᠠᠯᠴᠢᠨ ᠲᠦᠮᠡᠨ ᠳᠤ ᠦᠢᠯᠡᠴᠢᠯᠡᠬᠦ 《ᠪᠤᠶᠠᠨ ᠤ ᠵᠢᠷᠤᠭ》 ᠢ ᠵᠢᠷᠤᠨ ᠪᠦᠲᠦᠭᠡᠭᠰᠡᠨ ᠢᠶᠡᠷ ᠮᠠᠯᠴᠢᠳ ᠲᠡᠭᠦᠨ ᠢ《ᠰᠠᠶᠢᠨ ᠴᠠᠭᠳᠠᠭ᠎ᠠ》ᠬᠡᠮᠡᠨ ᠲᠤᠳᠤᠨᠤᠴᠢᠯᠠᠨ ᠲᠠᠭᠤᠳᠠᠳᠠᠭ᠃ ᠲᠡᠷᠡ ᠤᠷᠢᠳ ᠬᠤᠵᠢᠳ《ᠤᠯᠤᠰ ᠲᠠᠶᠠᠭᠠᠷ ᠤᠨ ᠰᠢᠯᠢᠳᠡᠭ ᠡᠪ ᠬᠠᠮᠲᠤ ᠨᠠᠮ ᠤᠨ ᠬᠡᠰᠢᠭᠦᠨ》᠂ 《ᠤᠯᠤᠰ ᠲᠠᠶᠠᠭᠠᠷ ᠤᠨ ᠰᠢᠯᠢᠳᠡᠭ ᠠᠷᠠᠳ ᠤᠨ ᠴᠠᠭᠳᠠᠭ᠎ᠠ》᠂ 《ᠤᠯᠤᠰ ᠲᠠᠶᠠᠭᠠᠷ ᠤᠨ ᠲᠤᠳᠤᠭᠠᠳᠤ ᠶᠢ ᠬᠠᠮᠠᠭᠠᠯᠠᠬᠤ ᠰᠢᠰᠲ᠋ᠧᠮ ᠤᠨ ᠨᠢᠭᠡᠳᠦᠭᠡᠷ ᠵᠡᠷᠬᠡᠯᠡᠯ ᠤᠨ ᠪᠠᠭᠠᠳᠤᠷ ᠵᠢᠱᠢᠶᠡᠴᠢ》ᠵᠡᠷᠭᠡ ᠤᠯᠠᠨ ᠲᠦᠷᠦᠯ ᠤᠨ ᠤᠯᠤᠰ ᠤᠨ ᠵᠡᠷᠬᠡᠯᠡᠯ ᠤᠨ ᠢᠷᠠᠭᠤ ᠠᠯᠳᠠᠷ ᠢ ᠬᠦᠷᠲᠡᠵᠡᠢ᠃ ᠡᠭᠦᠨ ᠤ ᠬᠠᠮᠲᠤ᠂ ᠲᠡᠷᠡ ᠪᠤᠯ ᠤᠯᠤᠰ ᠲᠠᠶᠠᠭᠠᠷ ᠤᠨ《ᠮᠢᠨᠤ ᠬᠠᠮᠤᠭ ᠤᠨ ᠬᠠᠶᠢᠷᠠᠲᠠᠢ ᠠᠷᠠᠳ ᠤᠨ ᠴᠠᠭᠳᠠᠭ᠎ᠠ》 ᠶ᠋ᠢᠨ ᠰᠢᠯᠭᠠᠷᠠᠭᠤᠯᠤᠯᠲᠠ ᠪᠡᠷ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠡᠴᠡ ᠰᠤᠩᠭᠤᠭᠳᠠᠭᠰᠠᠨ ᠴᠤᠷ ᠤᠨ ᠭᠠᠭᠴᠠ ᠠᠷᠠᠳ ᠤᠨ ᠴᠠᠭᠳᠠᠭ᠎ᠠ ᠪᠤᠯᠤᠨ᠎ᠠ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121746178