蒙古文网站Logo
ᠰᠢᠨᠬᠤᠸᠠ ᠮᠤᠩᠭ᠋ᠤᠯ ᠨᠧᠲ

ᠨᠦᠬᠦᠷᠰᠡᠭ ᠬᠠᠷᠢᠯᠴᠠᠭ᠎ᠠ ᠬᠦᠭ᠍ᠵᠢᠬᠦ ᠪᠡᠷ ᠲᠤᠮᠲᠠᠲᠤ ᠮᠤᠩᠭ᠋ᠤᠯ ᠤᠨ ᠰᠤᠶᠤᠯ ᠤᠨ ᠰᠤᠯᠢᠯᠴᠠᠭ᠎ᠠ ᠴᠤ ᠭᠦᠨᠵᠡᠭᠡᠶᠢᠷᠡᠨ᠎ᠡ

2017-09-30 11:29

    ᠰᠢᠨᠬᠤᠧᠠ ᠮᠤᠩᠭ᠋ᠤᠯ ᠨᠧᠲ   ᠬᠦᠬᠡᠬᠤᠲᠠ ᠶᠢᠨ 9 ᠰᠠᠷ᠎ᠠ ᠶᠢᠨ 29 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) ᠲᠤᠮᠲᠠᠲᠤ ᠮᠤᠩᠭ᠋ᠤᠯ ᠤᠨ ᠬᠤᠶᠠᠲᠤᠭᠠᠷ ᠬᠤᠭᠤᠴᠠᠭᠠᠨ ᠤ ᠦᠵᠡᠰᠬᠦᠯᠡᠩ ᠤᠨ ᠴᠢᠬᠤᠯᠠ ᠠᠵᠢᠯᠯᠠᠭ᠎ᠠ ᠪᠤᠯᠬᠤ ᠲᠤᠮᠲᠠᠲᠤ ᠮᠤᠩᠭ᠋ᠤᠯ ᠤᠨ ᠤᠷᠠᠨ ᠪᠦᠲᠦᠭᠡᠯᠴᠢᠳ ᠤᠨ ᠬᠠᠮᠲᠤᠷᠠᠭᠰᠠᠨ ᠨᠡᠭᠦᠲᠡᠯᠴᠢᠨ ᠤ ᠬᠦᠭ᠍ᠵᠢᠮ ᠤᠨ ᠨᠠᠭᠠᠲᠤᠮ 27 ᠤ ᠤᠷᠤᠢ ᠬᠦᠬᠡᠬᠤᠲᠠ ᠳ᠋ᠤ ᠪᠤᠯᠵᠤ᠂ ᠤᠯᠠᠨ ᠬᠦᠮᠦᠰ ᠤᠨ ᠠᠩᠬᠠᠷᠤᠯ ᠢ ᠲᠠᠲᠠᠪᠠ᠃

    《ᠨᠠᠭᠠᠲᠤᠮ ᠤᠨ ᠦᠶ᠎ᠠ ᠪᠡᠷ ᠮᠠᠨ ᠤ ᠤᠯᠤᠰ ᠤᠨ ᠬᠠᠶᠠᠭ᠎ᠠ ᠬᠠᠮᠲᠤᠯᠢᠭ᠂ ᠶᠢᠰᠦᠨ ᠡᠷᠳᠡᠨᠢ ᠬᠠᠮᠲᠤᠯᠢᠭ᠂ ᠲᠠᠭᠤᠴᠢᠳ ᠤᠨ ᠤᠷᠠᠨ ᠪᠦᠲᠦᠭᠡᠯ ᠪᠠ ᠮᠤᠩᠭ᠋ᠤᠯ ᠤᠯᠤᠰ ᠤᠨ ᠤᠷᠠᠨ ᠪᠦᠲᠦᠭᠡᠯᠴᠢᠳ ᠤᠨ ᠲᠤᠭᠯᠠᠯᠲᠠ ᠶᠢ ᠰᠤᠨᠢᠷᠬᠠᠭᠰᠠᠨ ᠢᠶᠡᠷ ᠪᠠᠷᠠᠬᠤ ᠦᠭᠡᠢ ᠤᠷᠤᠰ ᠤᠨ ᠬᠤᠯᠪᠤᠭᠠᠨ ᠤ ᠪᠦᠭᠦᠲᠡ ᠨᠠᠶᠢᠷᠠᠮᠲᠠᠬᠤ ᠲᠤᠧᠠ ᠤᠯᠤᠰ ᠤᠨ ᠤᠷᠠᠨ ᠪᠦᠲᠦᠭᠡᠯᠴᠢᠳ ᠤᠨ ᠭᠤᠴᠤ ᠰᠠᠶᠢᠬᠠᠨ ᠬᠦᠬᠡᠮᠠᠢ ᠤᠷᠠᠯᠢᠭ ᠤᠨ ᠲᠤᠭᠯᠠᠯᠲᠠ ᠶᠢ ᠴᠤ ᠰᠤᠨᠢᠷᠬᠠᠯ᠎ᠠ᠂ ᠦᠨᠡᠬᠡᠷ ᠭᠤᠶᠤ ᠪᠠᠶᠢᠨ᠎ᠠ》ᠭᠡᠵᠦ ᠬᠦᠬᠡᠬᠤᠲᠠ ᠶᠢᠨ ᠢᠷᠭᠡᠨ ᠤᠷᠢᠬᠠᠨ ᠰᠡᠳᠬᠢᠯ ᠬᠦᠭ᠍ᠰᠡᠵᠦ ᠶᠠᠷᠢᠨ᠎ᠠ᠃

    ᠮᠤᠩᠭ᠋ᠤᠯ ᠤᠯᠤᠰ ᠤᠨ ᠰᠤᠶᠤᠯ ᠤᠷᠠᠯᠢᠭ ᠢ ᠪᠠᠬᠠᠷᠬᠠᠨ ᠰᠤᠨᠢᠷᠬᠠᠲᠠᠭ ᠦᠪᠦᠷ ᠮᠤᠩᠭ᠋ᠤᠯ ᠬᠦᠮᠦᠰ ᠤᠯᠠᠨ ᠪᠠᠶᠢᠭ᠎ᠠ ᠶᠤᠮ᠃ ᠲᠤᠮᠲᠠᠲᠤ ᠮᠤᠩᠭ᠋ᠤᠯ ᠬᠤᠶᠠᠷ ᠤᠷᠤᠨ ᠤ ᠨᠦᠬᠦᠷᠰᠡᠭ ᠬᠠᠷᠢᠯᠴᠠᠭ᠎ᠠ ᠬᠦᠭ᠍ᠵᠢᠬᠦ ᠪᠡᠷ ᠬᠤᠶᠠᠷ ᠤᠷᠤᠨ ᠤ ᠢᠷᠭᠡᠳ ᠬᠤᠭᠤᠷᠤᠨᠲᠤ ᠶᠢᠨ ᠰᠤᠶᠤᠯ ᠤᠨ ᠰᠤᠯᠢᠯᠴᠠᠭ᠎ᠠ ᠴᠤ ᠭᠦᠨᠵᠡᠭᠡᠶᠢᠷᠡᠵᠦ ᠬᠦᠭ᠍ᠵᠢᠨ᠎ᠠ᠃ ᠦᠪᠦᠷ ᠮᠤᠩᠭ᠋ᠤᠯ ᠳ᠋ᠤ ᠮᠤᠩᠭ᠋ᠤᠯ ᠤᠯᠤᠰ ᠤᠨ ᠤᠷᠤᠰᠬᠠᠯ ᠲᠠᠭᠤᠤ᠂ ᠰᠢᠯᠦᠭ᠂ ᠺᠢᠨᠣ᠋ ᠤᠷᠠᠨ ᠪᠦᠲᠦᠭᠡᠯ ᠮᠠᠰᠢ ᠶᠡᠬᠡ ᠨᠦᠯᠦᠭᠡᠯᠡᠬᠦ ᠬᠦᠴᠦᠨ ᠲᠠᠢ ᠪᠠᠶᠢᠵᠤ ᠤᠯᠠᠩᠬᠢ ᠵᠠᠯᠠᠭᠤᠴᠤᠳ ᠮᠤᠩᠭ᠋ᠤᠯ ᠤᠯᠤᠰ ᠤᠨ ᠲᠠᠭᠤᠤ ᠶᠢ ᠲᠠᠭᠤᠯᠠᠵᠤ ᠴᠢᠲᠠᠬᠤ ᠪᠡᠷ ᠪᠠᠷᠠᠬᠤ ᠦᠭᠡᠢ ᠮᠤᠩᠭ᠋ᠤᠯ ᠤᠯᠤᠰ ᠤᠨ ᠲᠠᠭᠤᠴᠢᠳ ᠢ ᠲᠤᠭᠤᠵᠤ ᠪᠠᠬᠠᠷᠬᠠᠲᠠᠭ ᠶᠤᠮ᠃ ᠮᠦᠨ ᠮᠤᠩᠭ᠋ᠤᠯ ᠤᠯᠤᠰ ᠤᠨ ᠰᠢᠯᠢᠲᠡᠭ ᠲᠠᠭᠤᠤ ᠤᠷᠠᠨ ᠪᠦᠲᠦᠭᠡᠯ ᠦᠪᠦᠷ ᠮᠤᠩᠭᠤᠯ ᠳ᠋ᠤ ᠦᠷᠭᠡᠨ ᠢᠶᠡᠷ ᠲᠠᠭᠤᠯᠠᠭᠲᠠᠵᠤ ᠲᠡᠯᠭᠡᠷᠡᠭᠰᠡᠨ ᠢᠶᠡᠷ ᠵᠠᠷᠢᠮ ᠲᠠᠭᠤᠤ ᠨᠤᠭᠤᠳ ᠬᠢᠲᠠᠳ ᠢᠶᠡᠷ ᠤᠷᠴᠢᠭᠤᠯᠤᠭᠲᠠᠨ ᠲᠠᠭᠤᠯᠠᠭᠲᠠᠵᠤ ᠪᠠᠶᠢᠭ᠎ᠠ ᠦᠵᠡᠭᠲᠡᠯ ᠴᠤ ᠪᠤᠢ᠃

    ᠲᠤᠮᠲᠠᠲᠤ ᠮᠤᠩᠭᠤᠯ ᠤᠨ ᠬᠤᠶᠠᠲᠤᠭᠠᠷ ᠤᠲᠠᠭᠠᠨ ᠤ ᠦᠵᠡᠰᠬᠦᠯᠡᠩ ᠤᠨ ᠲᠤᠮᠲᠠᠲᠤ ᠭᠠᠲᠠᠭᠠᠲᠤ ᠶᠢᠨ ᠶᠡᠬᠡ ᠰᠤᠷᠭᠠᠭᠤᠯᠢ ᠶᠢᠨ ᠰᠤᠷᠭᠠᠨ ᠬᠦᠮᠦᠵᠢᠯ ᠤᠨ ᠬᠠᠮᠲᠤᠷᠠᠯᠴᠠᠭ᠎ᠠ ᠬᠦᠭ᠍ᠵᠢᠯᠲᠠ ᠶᠢᠨ ᠵᠠᠭᠢᠷᠤᠯ ᠨᠠᠷ ᠤᠨ ᠹᠤᠷᠦ᠋ᠮ ᠳ᠋ᠤ ᠤᠷᠤᠯᠴᠠᠭᠰᠠᠨ ᠮᠤᠩᠭᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠷᠠᠳᠢᠤ᠋ ᠲᠧᠯᠸᠢᠰ ᠮᠧᠳᠢᠶᠠ ᠤᠷᠠᠯᠢᠭ ᠤᠨ ᠲᠡᠭᠡᠳᠦ ᠰᠤᠷᠭᠠᠭᠤᠯᠢ ᠶᠢᠨ ᠵᠠᠬᠢᠷᠤᠯ ᠳ • ᠤᠳᠤᠰᠦ᠋ᠷᠦᠩ ᠲᠡᠮᠲᠡᠭᠯᠡᠬᠦ ᠳ᠋ᠡᠭᠡᠨ᠂ 《 ᠦᠪᠦᠷ ᠮᠤᠩᠭᠤᠯ ᠡᠴᠡ ᠮᠠᠨ ᠤ ᠰᠤᠷᠭᠠᠭᠤᠯᠢ ᠳ᠋ᠤ ᠰᠡᠳᠬᠦᠯᠴᠢ᠂ ᠨᠡᠪᠲᠡᠷᠡᠬᠦᠯᠦᠭᠴᠢ ᠬᠦᠲᠦᠯᠦᠭᠴᠢ ᠮᠡᠷᠭᠡᠵᠢᠯ ᠶᠢᠡᠷ ᠰᠤᠷᠤᠯᠴᠠᠵᠤ ᠪᠠᠶᠢᠭ᠎ᠠ ᠤᠶᠤᠲᠠᠨ ᠤᠯᠠᠨ ᠪᠠᠶᠢᠲᠠᠭ᠃ ᠰᠡᠬᠦᠯ ᠤᠨ ᠦᠶ᠎ᠠ ᠳ᠋ᠤ ᠦᠪᠦᠷ ᠮᠤᠩᠭᠤᠯ ᠡᠴᠡ ᠺᠢᠨᠣ᠋ ᠨᠠᠶᠢᠷᠠᠭᠤᠯᠤᠭᠴᠢ ᠶᠢᠨ ᠴᠢᠭᠯᠡᠯ ᠶᠢᠡᠷ ᠰᠤᠷᠤᠭᠴᠢ ᠡᠯᠰᠡᠬᠦ ᠪᠤᠯᠪᠠ᠃ ᠰᠤᠷᠭᠠᠭᠤᠯᠢ ᠮᠠᠨᠢ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠰᠤᠨᠢᠨ ᠮᠡᠲᠡᠭᠡᠯᠡᠯ ᠤᠨ ᠲᠡᠭᠡᠳᠦ ᠰᠤᠷᠭᠠᠭᠤᠯᠢ᠂ ᠱᠠᠩᠬᠠᠢ ᠶᠢᠨ ᠺᠢᠨᠣ᠋ ᠵᠦᠴᠦᠭᠡ ᠶᠢᠨ ᠲᠡᠭᠡᠳᠦ ᠰᠤᠷᠭᠠᠭᠤᠯᠢ ᠵᠡᠷᠭᠡ ᠤᠯᠠᠨ ᠰᠤᠷᠭᠠᠭᠤᠯᠢ ᠨᠤᠭᠤᠳ ᠲᠠᠢ ᠬᠠᠮᠲᠤ ᠶᠢᠨ ᠠᠵᠢᠯᠯᠠᠭ᠎ᠠ ᠦᠷᠨᠢᠬᠦᠯᠵᠦ ᠪᠠᠶᠢᠲᠠᠭ 》ᠭᠡᠯ᠎ᠡ᠃

    ᠮᠤᠩᠭᠤᠯ ᠤᠯᠤᠰ ᠤᠨ ᠰᠤᠶᠤᠯ ᠲᠤᠮᠲᠠᠲᠤ ᠤᠯᠤᠰ ᠲᠤ ᠲᠡᠯᠭᠡᠷᠡᠬᠦ ᠶᠢᠨ ᠬᠠᠮᠲᠤ ᠲᠤᠮᠲᠠᠲᠤ ᠶᠢᠨ ᠰᠤᠶᠤᠯ ᠴᠤ ᠮᠤᠩᠭᠤᠯ ᠤᠯᠤᠰ ᠤᠨ ᠵᠠᠯᠠᠭᠤᠴᠤᠳ ᠤᠨ ᠲᠤᠮᠲᠠ ᠶᠡᠬᠡ ᠯᠡ ᠭᠠᠵᠠᠷ ᠠᠪᠴᠤ ᠬᠦᠷᠢᠶᠡᠯᠡᠯ ᠲᠠᠢ ᠪᠠᠶᠢᠲᠠᠭ᠃ ᠬᠢᠲᠠᠳ ᠬᠡᠯᠡᠨ ᠤ ᠤᠯᠠᠨ ᠠᠩᠭᠢᠲᠤ ᠺᠢᠨᠣ᠋ 《ᠤᠬᠠᠭᠠᠷᠠᠵᠤ ᠠᠮᠢᠲᠤᠷᠠᠬᠤ ᠬᠤᠷᠤ᠎ᠠ》᠂ 《ᠪᠡᠭᠡᠵᠢᠩ ᠤᠨ ᠵᠠᠯᠠᠭᠤᠴᠤᠳ》ᠵᠡᠷᠭᠡ ᠤᠯᠠᠨ ᠰᠠᠶᠢᠬᠠᠨ ᠺᠢᠨᠣ᠋ ᠨᠤᠭᠤᠳ ᠮᠤᠩᠭᠤᠯ ᠤᠯᠤᠰ ᠤᠨ ᠦᠵᠡᠭᠴᠢᠳ ᠤᠨ ᠠᠩᠬᠠᠷᠤᠯ ᠢ ᠲᠠᠲᠠᠵᠤ ᠪᠠᠶᠢᠲᠠᠭ᠃ ᠲᠤᠮᠲᠠᠲᠤ ᠮᠤᠩᠭᠤᠯ ᠬᠤᠶᠠᠷ ᠤᠷᠤᠨ ᠤ ᠰᠤᠶᠤᠯ᠂ ᠰᠤᠷᠭᠠᠨ ᠬᠦᠮᠦᠵᠢᠯ ᠤᠨ ᠬᠠᠮᠲᠤᠷᠠᠯᠴᠠᠭ᠎ᠠ ᠤᠯᠠᠮ ᠭᠦᠨᠵᠡᠭᠡᠶᠢᠷᠡᠬᠦ ᠪᠡᠷ ᠲᠤᠮᠲᠠᠲᠤ ᠤᠯᠤᠰ ᠤᠨ ᠤᠶᠢᠭᠤᠷᠵᠢᠨ ᠪᠤᠰᠤᠭ᠎ᠠ ᠮᠤᠩᠭᠤᠯ ᠦᠰᠦᠭ ᠢᠶᠡᠷ ᠪᠢᠴᠢᠭᠲᠡᠭᠰᠡᠨ ᠤᠷᠠᠨ ᠵᠤᠬᠢᠶᠠᠯ ᠤᠷᠠᠨ ᠪᠢᠴᠢᠯᠭᠡ ᠮᠤᠩᠭᠤᠯ ᠤᠯᠤᠰ ᠤᠨ ᠵᠠᠯᠠᠭᠤᠴᠤᠳ ᠤᠨ ᠬᠦᠷᠲᠡᠭᠡᠯ ᠪᠤᠯᠵᠤ ᠪᠠᠶᠢᠨ᠎ᠠ᠃ ᠲᠤᠮᠲᠠᠲᠤ ᠮᠤᠩᠭᠤᠯ ᠤᠨ ᠬᠤᠶᠠᠲᠤᠭᠠᠷ ᠬᠤᠭᠤᠴᠠᠭᠠᠨ ᠤ ᠦᠵᠡᠰᠬᠦᠯᠡᠩ ᠳ᠋ᠤ ᠬᠦᠷᠦᠯᠴᠡᠨ ᠢᠷᠡᠭᠰᠡᠨ ᠮᠤᠩᠭᠤᠯ ᠤᠯᠤᠰ ᠤᠨ ᠤᠯᠠᠭᠠᠨᠪᠠᠭᠠᠲᠤᠷ ᠬᠤᠲᠠ ᠶᠢᠨ ᠤᠷᠠᠨ ᠪᠢᠴᠢᠯᠭᠡᠲᠡᠨ ᠭᠠᠩᠵᠤᠷᠢᠭ ᠤᠨ ᠦᠰᠦᠨ ᠪᠢᠷ ᠤᠨ ᠤᠷᠠᠨ ᠲᠠᠲᠠᠯᠠᠭ᠎ᠠ ᠨᠢ ᠬᠦᠮᠦᠰ ᠤᠨ ᠠᠩᠬᠠᠷᠤᠯ ᠳ᠋ᠤ ᠬᠦᠷᠦᠨ᠎ᠡ᠃

    《ᠭᠠᠵᠠᠷ ᠲᠡᠭᠡᠷ᠎ᠡ ᠡᠴᠡ ᠰᠢᠭᠤᠳ ᠪᠢᠴᠢᠵᠦ᠂ ᠪᠡᠬᠡ ᠨᠢ ᠬᠠᠲᠠᠭᠠᠲᠤᠢ ᠪᠡᠷ ᠬᠦᠮᠦᠰ ᠤᠨ ᠭᠠᠷ ᠲᠤ ᠬᠦᠷᠴᠦ ᠪᠤᠯᠲᠠᠭ ᠤᠨᠴᠠᠭᠠᠢ ᠪᠦᠲᠦᠭᠡᠭᠲᠡᠬᠦᠨ᠂ ᠦᠢᠯᠡᠴᠢᠯᠡᠬᠡ ᠪᠤᠯᠵᠤ ᠪᠤᠯᠬᠤ ᠪᠦᠭᠡᠳ ᠤᠷᠠᠯᠢᠭ ᠤᠨ ᠪᠦᠲᠦᠭᠡᠯ ᠴᠤ ᠪᠤᠯᠵᠤ ᠪᠤᠯᠤᠨ᠎ᠠ》ᠭᠡᠵᠦ ᠭᠠᠩᠵᠤᠷᠢᠭ ᠬᠦᠮᠦᠰ ᠲᠤ ᠦᠰᠦᠨ ᠪᠢᠷ ᠶᠢᠡᠷ ᠲᠠᠲᠠᠯᠠᠭᠰᠠᠨ ᠤᠷᠠᠨ ᠪᠦᠲᠦᠭᠡᠯ ᠶᠢᠡᠨ ᠲᠠᠨᠢᠯᠴᠠᠭᠤᠯᠤᠨ᠎ᠠ᠃

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121751492