蒙古文网站Logo
ᠰᠢᠨᠬᠤᠸᠠ ᠮᠤᠩᠭ᠋ᠤᠯ ᠨᠧᠲ

ᠨᠤᠷᠸᠠᠢ ᠡᠴᠡ 3000 ᠵᠢᠯ ᠤᠨ ᠡᠮᠦᠨᠡᠬᠢ ᠡᠷᠲᠡᠨ ᠤ ᠤᠩᠭ᠋ᠤᠨ ᠢ ᠢᠯᠡᠷᠡᠭᠦᠯᠪᠠ

2017-10-25 18:45

    ᠰᠢᠨᠬᠤᠸᠠ ᠬᠤᠷᠢᠶ᠎ᠠ   ᠤᠰᠯᠤ᠋ ᠶᠢᠨ 10 ᠰᠠᠷ᠎ᠠ ᠶᠢᠨ 23 ᠤ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠭᠴᠢ ᠵᠠᠩ ᠱᠦ ᠬᠤᠢ᠂ ᠯᠢᠶᠠᠩ ᠶᠢᠦ ᠴᠠᠩ) ᠨᠤᠷᠸᠠᠢ ᠶᠢᠨ ᠤᠯᠤᠰ ᠤᠨ ᠲᠸᠯᠸᠢᠰ ᠬᠤᠷᠢᠶ᠎ᠠ ᠶᠢᠨ 23 ᠤ ᠡᠳᠦᠷ ᠨᠡᠶᠢᠲᠡᠯᠡᠭᠰᠡᠨ ᠴᠠᠬᠢᠯᠭᠠᠨ ᠮᠡᠳᠡᠭᠡ ᠶᠢ ᠦᠨᠳᠦᠰᠦᠯᠡᠪᠡᠯ᠂ ᠨᠤᠷᠸᠠᠢ ᠶᠢᠨ ᠠᠷᠭᠢᠯᠤᠭᠢᠴᠢᠳ ᠰᠡᠭᠦᠯ ᠤᠨ ᠦᠶ᠎ᠠ ᠳᠤ ᠲᠤᠰ ᠤᠯᠤᠰ ᠤᠨ ᠳᠤᠮᠳᠠ ᠪᠦᠰᠡ ᠨᠤᠲᠤᠭ ᠡᠴᠡ 3000 ᠰᠢᠬᠠᠮ ᠵᠢᠯ ᠤᠨ ᠡᠮᠦᠨᠡᠬᠢ ᠬᠦᠷᠠᠯ ᠤᠨ ᠴᠠᠭ ᠦᠶ᠎ᠠ ᠳᠡᠬᠢ ᠤᠩᠭ᠋ᠤᠨ ᠢ ᠢᠯᠡᠷᠡᠭᠦᠯᠪᠠ᠃

    ᠡᠨᠡᠬᠦ ᠤᠩᠭ᠋ᠤᠨ ᠨᠤᠷᠸᠠᠢ ᠶᠢᠨ Melhus ᠬᠤᠲᠠ ᠶᠢᠨ ᠨᠢᠭᠡᠨ ᠲᠠᠷᠢᠶᠠᠯᠠᠩ ᠤᠨ ᠲᠠᠯᠠᠪᠠᠢ ᠳᠤ ᠪᠠᠶᠢᠷᠢᠯᠠᠵᠤ᠂ ᠬᠤᠶᠠᠷ ᠮᠸᠲ᠋ᠷ ᠵᠤᠵᠠᠭᠠᠨ ᠬᠦᠷᠦᠰᠤᠨ ᠳᠤ ᠳᠠᠷᠤᠭᠳᠠᠵᠤ ᠪᠠᠶᠢᠪᠠ᠃ ᠰᠡᠭᠦᠯ ᠤᠨ ᠦᠶ᠎ᠠ ᠳᠤ ᠵᠠᠰᠠᠮᠠᠯ ᠵᠠᠮ ᠵᠠᠰᠠᠬᠤ ᠡᠴᠡ ᠪᠤᠯᠵᠤ ᠨᠤᠷᠸᠠᠢ ᠶᠢᠨ ᠲᠸᠭ᠍ᠨᠤᠯᠤᠭᠢ ᠶᠢᠨ ᠶᠡᠬᠡ ᠰᠤᠷᠭᠠᠭᠤᠯᠢ ᠶᠢᠨ ᠮᠦᠽᠸᠢ ᠶᠢᠨ ᠠᠷᠭᠢᠯᠤᠭᠢᠴᠢᠳ ᠡᠭᠦᠨ ᠢ ᠢᠯᠡᠷᠡᠭᠦᠯᠪᠠ᠃

    ᠠᠷᠭᠢᠯᠦᠭᠢ ᠶᠢᠨ ᠲᠦᠰᠦᠯ ᠤᠨ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠡᠷ᠂ ᠤᠩᠭ᠋ᠤᠨ ᠢ ᠢᠯᠡᠷᠡᠭᠦᠯᠦᠭᠰᠡᠨ ᠭᠠᠵᠠᠷ ᠲᠤ ᠡᠷᠲᠡ ᠳᠡᠭᠡᠲᠤ ᠦᠶ᠎ᠠ ᠳᠤ ᠪᠡᠯ ᠶᠡᠭᠦᠷᠡᠭᠰᠡᠨ ᠪᠠᠶᠢᠵᠤ ᠮᠡᠳᠡᠨ᠎ᠠ᠂ ᠡᠳᠡᠭᠡᠷ ᠨᠠᠭᠠᠯᠳᠤᠮᠠᠯ ᠰᠢᠷᠦᠢ ᠤᠩᠭ᠋ᠤᠨ ᠢ ᠨᠢᠭᠡ ᠳᠠᠪᠬᠤᠷᠭ᠎ᠠ ᠪᠦᠷᠬᠦᠨ ᠬᠤᠴᠢᠵᠠᠢ᠃ ᠲᠤᠰ ᠤᠩᠭ᠋ᠤᠨ ᠨᠡᠯᠢᠶᠡᠳ ᠪᠦᠷᠢᠨ ᠪᠦᠲᠦᠨ ᠢᠶᠡᠷ ᠦᠯᠡᠳᠡᠭᠰᠡᠨ ᠢᠶᠡᠷ ᠨᠤᠷᠸᠠᠢ ᠶᠢᠨ ᠳᠤᠮᠳᠠ ᠪᠦᠰᠡ ᠨᠤᠲᠤᠭ ᠤᠨ ᠬᠦᠷᠡᠯ ᠤᠨ ᠴᠠᠭ ᠦᠶ᠎ᠠ ᠶᠢᠨ ᠤᠷᠰᠢᠭᠤᠯᠭ᠎ᠠ ᠶᠢᠨ ᠵᠡᠩ ᠦᠢᠯᠡ ᠶᠢ ᠰᠤᠳᠤᠯᠬᠤ ᠳᠤ ᠲᠤᠰᠠᠲᠠᠢ ᠭᠡᠯ᠎ᠠ᠃

    ᠤᠳᠤᠬᠠᠨ ᠳᠤ᠂ ᠠᠷᠭᠢᠯᠤᠭᠢᠴᠢᠳ ᠨᠡᠯᠢᠶᠡᠳ ᠪᠦᠷᠢᠨ ᠪᠦᠲᠦᠨ ᠢᠶᠡᠷ ᠦᠯᠡᠳᠡᠭᠳᠡᠭᠰᠡᠨ ᠲᠤᠭᠤᠷᠢᠭ ᠬᠡᠯᠪᠡᠷᠢ ᠶᠢᠨ ᠤᠩᠭ᠋ᠤᠨ ᠤ ᠴᠢᠯᠠᠭᠤᠨ ᠬᠦᠷᠢᠶ᠎ᠠ ᠶᠢ ᠢᠯᠡᠷᠡᠭᠦᠯᠵᠡᠢ᠂ ᠲᠡᠬᠦᠨ ᠤ ᠤᠷᠳᠤ ᠨᠢ 9 ᠮᠸᠲ᠋ᠷ᠃ ᠴᠢᠯᠠᠭᠤᠨ ᠬᠦᠷᠢᠶ᠎ᠠ ᠶᠢᠨ ᠬᠠᠵᠠᠭᠤ ᠳᠤ 3 ᠪᠠᠭ᠎ᠠ ᠬᠡᠯᠡᠪᠡᠷᠢ ᠶᠢᠨ ᠴᠢᠯᠠᠭᠤᠨ ᠤᠩᠭ᠋ᠤᠨ ᠲᠠᠢ᠃ ᠡᠭᠦᠨ ᠡᠴᠡ ᠭᠠᠳᠠᠨ᠎ᠠ᠂ ᠠᠷᠭᠢᠯᠤᠭᠢᠴᠢᠳ ᠪᠠᠰᠠ ᠬᠦᠮᠦᠨ ᠳᠦᠷᠰᠦ ᠲᠠᠢ ᠵᠠᠰᠠᠯ ᠴᠢᠮᠡᠭᠯᠡᠯ ᠤᠨ ᠶᠠᠩᠵᠤᠲᠠᠢ ᠴᠢᠯᠠᠭᠤ ᠵᠢᠴᠢ ᠬᠦᠷᠡᠯ ᠰᠦᠬᠡ ᠴᠢᠳᠬᠤᠬᠤ ᠬᠡᠪ ᠢ ᠢᠯᠡᠷᠡᠭᠦᠯᠦᠭᠰᠡᠨ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121855945