蒙古文网站Logo
ᠰᠢᠨᠬᠤᠸᠠ ᠮᠤᠩᠭ᠋ᠤᠯ ᠨᠧᠲ

ᠺᠢᠨᠣ᠋《ᠲᠤᠭᠤᠷᠢᠭ ᠤᠨ ᠴᠠᠭᠲᠠᠭ᠎ᠠ ᠪᠤᠶᠠᠠ》 ᠢ ᠬᠠᠩᠭᠢᠨ ᠬᠤᠢᠢᠲᠦ ᠬᠤᠰᠢᠭᠤᠨ ᠳ᠋ᠤ ᠵᠢᠷᠤᠭᠯᠠᠵᠤ ᠲᠠᠭᠤᠰᠴᠠᠢ

2017-10-27 12:53

    10 ᠰᠠᠷ᠎ᠠ ᠶᠢᠨ 24 ᠤ ᠡᠲᠦᠷ᠂ ᠺᠢᠨᠣ᠋《ᠲᠤᠭᠤᠷᠢᠭ ᠤᠨ ᠴᠠᠭᠲᠠᠭ᠎ᠠ ᠪᠤᠶᠠᠠ》 ᠢ᠋ ᠵᠢᠷᠤᠭᠯᠠᠵᠤ ᠲᠠᠭᠤᠰᠤᠭᠰᠠᠠ ᠶᠤᠰᠤᠯᠠᠯ᠋ ᠪᠠᠶᠠᠠᠨᠠᠭᠤᠷ ᠬᠤᠲᠠ ᠶᠢᠨ ᠬᠠᠩᠭᠢᠨ ᠬᠤᠢᠢᠲᠦ ᠬᠤᠰᠢᠭᠤᠨ ᠳ᠋ᠤ ᠶᠠᠪᠤᠭᠲᠠᠵᠠᠢ᠃ ᠦᠪᠦᠷ ᠮᠣᠩᠭᠣᠯ ᠤᠨ ᠦᠪᠡᠷᠲᠡᠭᠡᠡ ᠵᠠᠰᠬᠠᠤ ᠤᠷᠤᠨ ᠤ ᠲᠡᠳ᠋ ᠲᠡᠷᠢᠭᠦᠯᠡᠭᠴᠢ᠂ ᠲᠤᠲᠤᠭᠠᠲᠤ ᠶᠢ ᠬᠠᠮᠠᠭᠠᠯᠠᠬᠤ ᠲᠢᠩᠭᠢᠮ ᠤᠨ ᠲᠠᠷᠤᠭ᠎ᠠ ᠮᠠ ᠮᠢᠩ ᠵᠢᠷᠤᠭᠯᠠᠵᠤ ᠲᠠᠭᠤᠰᠤᠭᠰᠠᠠ ᠶᠤᠰᠤᠯᠠᠯ᠋ ᠳᠤ ᠤᠷᠤᠯᠴᠠᠵᠠᠢ᠃

    ᠮᠠ ᠮᠢᠩ ᠺᠢᠨᠣ᠋ ᠶᠢ ᠵᠢᠷᠤᠭᠯᠠᠵᠤ ᠲᠠᠭᠤᠰᠤᠭᠰᠠᠠ ᠳ᠋ᠤ ᠪᠠᠶᠠᠷ ᠬᠦᠷᠭᠡᠵᠦ᠂ ᠵᠦᠴᠦᠭᠡ ᠶᠢᠨ ᠲᠤᠭᠤᠢᠢᠯᠠᠩ ᠤᠨ ᠬᠦᠮᠦᠰ ᠲᠠᠢ ᠶᠠᠷᠢᠯᠴᠠᠬᠤ ᠬᠤᠷᠠᠯ᠋ ᠬᠢᠭ᠍ᠰᠡᠡ ᠪᠦᠭᠡᠳ ᠺᠢᠨᠣ᠋ ᠳ᠋ᠤ ᠲᠤᠭᠯᠠᠭᠰᠠᠠ ᠦᠨᠡᠡ ᠬᠦᠮᠦᠨ -《ᠮᠢᠨᠦ ᠬᠠᠮᠤᠭ ᠡᠴᠡ ᠬᠠᠢᠢᠷᠠᠲᠠᠢ ᠠᠷᠠᠳ ᠤᠨ ᠴᠠᠭᠲᠠᠭ᠎ᠠ》᠂《ᠤᠯᠤᠰ ᠳᠠᠶᠠᠭᠠᠷ ᠤᠨ ᠲᠤᠲᠤᠭᠠᠲᠤ ᠶᠢ ᠬᠠᠮᠠᠭᠠᠯᠠᠬᠤ ᠰᠢᠰᠲ᠋ᠸᠮ ᠤᠨ ᠨᠢᠭᠡᠲᠦᠭᠡᠷ ᠲᠡᠰ ᠤᠨ ᠪᠠᠭᠠᠲᠤᠷ ᠵᠢᠱᠢᠶᠡᠴᠢ》᠂ ᠤᠷᠠᠳ ᠤᠨ ᠬᠤᠢᠢᠲᠦ ᠬᠤᠰᠢᠭᠤᠨ ᠤ ᠴᠤᠬᠠᠦ᠋ᠨᠳᠦᠷ ᠪᠠᠯᠭᠠᠰᠤᠨ ᠤ ᠲᠤᠮᠢᠯᠠᠭᠰᠠᠠ ᠰᠠᠯᠪᠤᠷᠢ ᠶᠢᠨ ᠲᠡᠳ᠋ ᠲᠠᠷᠤᠭ᠎ᠠ ᠪᠤᠶᠠᠠᠲᠡᠯᠭᠡᠷ ᠲᠠᠢ ᠠᠭᠤᠯᠵᠠᠵᠠᠢ᠃ ᠮᠠ ᠮᠢᠩ ᠪᠤᠶᠠᠠᠲᠡᠯᠭᠡᠷ ᠤᠨ ᠠᠵᠢᠯ᠋ ᠠᠮᠢᠲᠤᠷᠠᠯ᠋ ᠤᠨ ᠪᠠᠢᠢᠲᠠᠯ᠋ ᠢ ᠠᠰᠠᠭᠤᠵᠦ᠂ ᠲᠡᠭᠦᠨ ᠤ ᠦᠨᠲᠦᠰᠦᠨ ᠱᠠᠲᠤᠨ ᠳ᠋ᠤ ᠬᠤᠷᠢᠨ ᠵᠢᠯ᠋ ᠢ ᠨᠢᠭᠡ ᠵᠢᠯ᠋ ᠮᠡᠲᠦ ᠦᠩᠭᠡᠷᠡᠭᠦᠯᠵᠦ᠂ ᠭᠤᠶᠠᠴᠢ ᠦᠭᠡᠢ ᠬᠤᠪᠢ ᠨᠡᠮᠡᠷᠢ ᠦᠵᠡᠭᠦᠯᠦᠭᠰᠡᠡ ᠵᠤᠷᠢᠭ ᠰᠠᠨᠠᠭ᠎ᠠ ᠶᠢ ᠲᠡᠭᠡᠲᠦ ᠬᠡᠮᠵᠢᠶ᠎ᠠ ᠪᠠᠷ ᠮᠠᠭᠲᠠᠠ ᠰᠠᠢᠢᠰᠢᠶᠠᠪᠠ᠃

    ᠮᠠ ᠮᠢᠩ᠂ ᠦᠷᠭᠡᠡ ᠤᠯᠠᠠ ᠲᠤᠲᠤᠭᠠᠲᠤ ᠶᠢ ᠬᠠᠮᠠᠭᠠᠯᠠᠬᠤ ᠠᠷᠠᠳ ᠤᠨ ᠴᠠᠭᠲᠠᠭ᠎ᠠ ᠢᠢ ᠪᠤᠶᠠᠠᠲᠡᠯᠭᠡᠷ ᠢᠶᠡᠷ ᠲᠠᠭᠤᠷᠢᠶᠠᠯ᠋ ᠪᠤᠯᠭᠠᠠ᠂ ᠦᠨᠲᠦᠰᠦᠨ ᠱᠠᠲᠤᠨ ᠳ᠋ᠤ ᠬᠦᠨᠵᠡᠭᠡᠢᠢᠷᠡᠵᠤ᠂ ᠤᠯᠠᠠ ᠲᠦᠮᠡᠡ ᠳ᠋ᠤ ᠦᠢᠯᠡᠴᠢᠯᠡᠨ᠂ ᠦᠨᠲᠦᠰᠦᠲᠠᠠ ᠤ ᠪᠦᠯᠬᠦᠮᠲᠠᠯ᠋ ᠢ ᠬᠠᠮᠠᠭᠠᠯᠠᠵᠦ᠂ ᠨᠠᠮ ᠤᠨ ᠠᠷᠪᠠ ᠶᠢᠰᠦᠲᠦᠭᠡᠷ ᠶᠡᠬᠡ ᠬᠤᠷᠠᠯ᠋ ᠤᠨ ᠵᠤᠷᠢᠭ ᠰᠠᠨᠠᠭ᠎᠎᠎ᠠ ᠶᠢ ᠬᠦᠨᠵᠡᠭᠡᠢ ᠲᠤᠤᠱᠯᠠᠭᠤᠯᠤᠨ ᠨᠠᠢᠢᠲᠠᠪᠤᠷᠢᠵᠢᠭᠤᠯᠵᠦ᠂ ᠰᠢᠨ᠎ᠠ ᠴᠠᠭ ᠦᠶ᠎ᠠ ᠢᠢᠨ ᠬᠢᠷᠢ ᠲᠡᠩᠴᠡᠭᠰᠡᠡ ᠠᠷᠠᠳ ᠤᠨ ᠴᠠᠭᠲᠠᠭ᠎ᠠ ᠪᠤᠯᠤᠭᠠᠷᠠᠢ ᠭᠡᠵᠦ ᠵᠢᠭᠠᠵᠦ ᠭᠠᠷᠭᠠᠪᠠ᠃

    ᠤᠷᠢᠳᠴᠢᠯᠠᠨ ᠲᠤᠭᠠᠴᠠᠭᠠᠯᠠᠭᠰᠠᠨ ᠢᠶᠡᠷ ᠡᠨᠡ ᠵᠢᠯ᠋ ᠤᠨ ᠡᠴᠤᠰ ᠢᠶᠡᠷ ᠳᠤᠰ ᠺᠢᠨᠣ᠋ ᠢᠢᠨ ᠰᠡᠭᠦᠯᠴᠢ ᠢᠢᠨ ᠬᠤᠭᠤᠴᠠᠭᠠᠠ ᠤ ᠠᠵᠢᠯ᠋ ᠢ ᠲᠠᠭᠤᠰᠴᠦ᠂ ᠢᠷᠡᠬᠦ ᠵᠢᠯ᠋ ᠤᠨ 2 ᠰᠠᠷ᠎ᠠ ᠳ᠋ᠤ ᠦᠵᠡᠭᠴᠢᠳ ᠲᠠᠢ ᠵᠤᠯᠭᠠᠬᠤ ᠶᠤᠮ ᠪᠠᠶᠢᠨ᠎ᠠ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121866157