蒙古文网站Logo
ᠰᠢᠨᠬᠤᠸᠠ ᠮᠤᠩᠭ᠋ᠤᠯ ᠨᠧᠲ

ᠰᠢᠯᠢᠩᠬᠤᠲᠠ᠄ ᠮᠤᠩᠭ᠋ᠤᠯ ᠬᠡᠯᠡ ᠪᠢᠴᠢᠭ᠌ ᠤᠨ ᠠᠵᠢᠯ ‍ᠤᠨ ᠮᠡᠳᠡᠯᠭᠡ ᠶ᠋ᠢᠨ ᠤᠷᠤᠯᠳᠤᠭᠠᠨ ᠶᠠᠪᠤᠭᠤᠯᠪᠠ

2017-10-31 16:42

    ᠰᠢᠨᠬᠤᠸᠨ ᠮᠣᠩᠭᠣᠯ ᠨᠸᠲ   10 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠭᠡ   ᠰᠢᠯᠢᠩᠬᠤᠲᠠ᠂ ᠦᠪᠦᠷ ᠮᠣᠩᠭᠣᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠡᠨ 70 ᠵᠢᠯ ‍ᠤᠨ ᠤᠢ ᠶ᠋ᠢᠨ ᠪᠠᠶᠠᠷ ᠢᠶᠡᠨ ᠪᠡᠯᠭᠡᠯᠡᠨ᠂ ᠨᠠᠮ ‍ᠤᠨ ᠠᠷᠪᠠ ᠶᠢᠰᠦᠳᠦᠭᠡᠷ ᠶᠡᠬᠡ ᠬᠤᠷᠠᠯ ‍ᠤᠨ ᠵᠤᠷᠢᠭ ᠰᠠᠨᠠᠭ᠎ᠠ ᠶ᠋ᠢ ᠤᠯᠠᠮᠵᠢᠯᠠᠨ ᠲᠤᠤᠱᠯᠠᠭᠤᠯᠵᠦ᠂ ᠨᠠᠮ ‍ᠤᠨ ᠦᠨᠳᠦᠰᠦᠳᠡᠨ ‍ᠤ ᠲᠦᠷᠦ ᠶ᠋ᠢᠨ ᠪᠤᠳᠤᠯᠭ᠎ᠠ ᠶ᠋ᠢ ᠤᠬᠠᠭᠤᠯᠤᠨ ᠰᠤᠷᠳᠠᠯᠴᠢᠯᠠᠬᠤ ᠶ᠋ᠢᠨ ᠳᠤᠰᠠᠳᠠ᠂ 10 ᠰᠠᠷ᠎ᠠ ᠶ᠋ᠢᠨ 28 ᠤ᠋ ᠡᠳᠦᠷ ᠮᠤᠩᠭ᠋ᠤᠯ ᠬᠡᠯᠡ ᠪᠢᠴᠢᠭ᠌ ‍ᠤᠨ ᠠᠵᠢᠯ ‍ᠤᠨ ᠮᠡᠳᠡᠯᠭᠡ ᠶ᠋ᠢᠨ ᠤᠷᠤᠯᠳᠤᠭᠠᠨ ᠶᠠᠪᠤᠭᠤᠯᠬᠤ ᠶ᠋ᠢᠨ ᠬᠠᠮᠳᠦ᠂ ᠦᠨᠦ ᠵᠢᠯ ‍ᠤᠨ 4 ᠰᠠᠷ᠎ᠠ ᠡᠴᠠ ᠨᠠᠰᠢ ᠶᠠᠪᠤᠭᠤᠯᠤᠬᠰᠡᠨ᠂ ᠮᠤᠩᠭ᠋ᠤᠯ ᠦᠰᠦᠭ ‍ᠤᠨ ᠵᠦᠪ ᠪᠢᠴᠢᠯᠭᠡ ᠶ᠋ᠢᠨ ᠤᠷᠤᠯᠳᠤᠭᠠᠨ᠂《ᠡᠬᠡ ᠬᠡᠯᠡ 》ᠨᠡᠷᠡᠮᠵᠢᠳᠦ ᠮᠤᠩᠭ᠋ᠤᠯ ᠢᠷᠠᠭᠤ ᠨᠠᠶᠢᠷᠠᠭ ‍ᠤᠨ ᠤᠷᠤᠯᠳᠤᠭᠠᠨ ᠪᠠ ᠮᠤᠩᠭ᠋ᠤᠯ ᠤᠷᠠᠨ ᠪᠢᠴᠢᠯᠭᠡ ᠶ᠋ᠢᠨ ᠤᠷᠤᠯᠳᠤᠭᠠᠨ ᠵᠡᠷᠭᠡ ᠰᠢᠷᠢᠰ ᠤᠷᠤᠯᠳᠤᠭᠠᠨ ‍ᠤ ᠪᠠᠨ ᠱᠠᠩᠨᠠᠯ ᠤᠯᠭᠤᠬᠤ ᠶᠤᠰᠤᠯᠠᠯ ‍ᠢ ᠶᠠᠪᠤᠭᠤᠯᠤᠯ᠎ᠠ᠃

    ᠲᠤᠰ ᠤᠳᠠᠭᠠᠨ ‍ᠤ ᠮᠡᠳᠡᠯᠭᠡ ᠶ᠋ᠢᠨ ᠤᠷᠤᠯᠳᠤᠭᠠᠨ ᠳ᠋ᠥ᠂ ᠰᠢᠯᠢᠩᠬᠤᠲᠠ ᠶᠢᠨ ᠮᠤᠩᠭ᠋ᠤᠯ ᠳᠤᠮᠳᠠᠳᠦ᠂ ᠪᠠᠭ᠎ᠠ ᠰᠤᠷᠭᠠᠭᠤᠯᠢ᠂ ᠬᠡᠤᠬᠡᠳ ‍ᠤᠨ ᠴᠡᠴᠡᠷᠯᠢᠭ᠌ ‍ᠤᠨ ᠪᠠᠬᠰᠢ ᠨᠠᠷ᠂ ᠰᠤᠮᠤ ᠭᠠᠴᠠᠭᠠᠨ ‍ᠤ ᠮᠠᠯᠴᠢᠳ ᠪᠠ ᠡᠯ᠎ᠠ ᠪᠠᠶᠢᠭᠤᠯᠤᠯᠭ᠎ᠠ ᠨᠢᠭᠡᠴᠠ ᠶ᠋ᠢᠨ ᠠᠵᠢᠯᠳᠠᠳ ᠢᠳᠡᠪᠬᠢᠳᠡᠢ ᠨᠡᠷ᠎ᠠ ᠮᠡᠳᠡᠭᠦᠯᠦᠨ ᠤᠷᠤᠯᠴᠠᠪᠠ᠃ ᠤᠷᠤᠯᠳᠤᠭᠠᠨ ‍ᠤ ᠠᠭᠤᠯᠭ᠎ᠠ ᠶ᠋ᠢᠨ ᠬᠤᠪᠢ ᠳ᠋ᠥ᠂ ᠮᠤᠩᠭ᠋ᠤᠯ ᠬᠡᠯᠡ ᠪᠢᠴᠢᠭ᠌ ‍ᠤᠨ ᠠᠵᠢᠯ ‍ᠤᠨ ᠳᠦᠷᠢᠮ᠂ ᠦᠨᠳᠦᠰᠦᠳᠡᠨ ‍ᠤ ᠰᠤᠷᠭᠠᠨ ᠬᠦᠮᠦᠵᠢᠯ ‍ᠤᠨ ᠳᠦᠷᠢᠮ ᠵᠡᠷᠭᠡ ᠨᠠᠮ ‍ᠤᠨ ᠦᠨᠳᠦᠰᠦᠳᠡᠨ ‍ᠤ ᠠᠵᠢᠯ ‍ᠤᠨ ᠳᠤᠬᠠᠢ ᠮᠡᠳᠡᠯᠭᠡ ᠪᠠ ᠮᠤᠩᠭ᠋ᠤᠯ ᠲᠡᠤᠬᠡ᠂ ᠤᠨᠢᠰᠤᠭ᠎ᠠ᠂ ᠵᠦᠢᠷ ᠰᠡᠴᠡᠨ ᠦᠭᠡ᠂ ᠬᠡᠯᠡᠴᠠ ᠵᠢᠴᠢ ᠨᠤᠳᠤᠭ ᠤᠰᠤᠨ ‍ᠤ ᠳᠤᠬᠠᠢ ᠮᠡᠳᠡᠯᠭᠡ ᠵᠡᠷᠭᠡ ᠲᠠᠯ᠎ᠠ ᠶ᠋ᠢᠨ ᠪᠠᠶᠠᠯᠢᠭ ᠠᠭᠤᠯᠭ᠎ᠠ ᠶ᠋ᠢ ᠪᠠᠬᠳᠠᠭᠠᠵᠠᠢ᠃ ᠠᠩᠬᠠᠨ ‍ᠤ ᠤᠷᠤᠯᠳᠤᠭᠠᠨ ᠪᠤᠯᠤᠨ ᠰᠢᠢᠳᠪᠦᠷᠢᠳᠦ ᠤᠷᠤᠯᠳᠤᠭᠠᠨ ‍ᠤ ᠬᠤᠷᠴᠠ ᠰᠢᠷᠦᠭᠦᠨ ᠮᠦᠷᠦᠶᠢᠴᠡᠭᠡᠨ ᠢᠶᠡᠷ ᠳᠠᠮᠵᠢᠭᠠᠳ᠂ ᠨᠢᠭᠡᠴᠡ ᠶ᠋ᠢᠨ ᠤᠷᠤᠯᠳᠤᠭᠠᠨ ᠳ᠋ᠥ ᠰᠢᠯᠢᠩᠬᠤᠲᠠ ᠶ᠋ᠢᠨ ᠮᠤᠩᠭ᠋ᠤᠯ ᠦᠨᠳᠦᠰᠦᠳᠡᠨ ‍ᠤ ᠬᠡᠤᠬᠡᠳ ‍ᠤᠨ ᠴᠡᠴᠡᠷᠯᠢᠭ ‍ᠤᠨ ᠪᠠᠭ ᠲᠡᠷᠢᠭᠦᠯᠡᠵᠤ᠂ ᠬᠤᠪᠢ ᠬᠦᠮᠦᠨ ‍ᠤ ᠤᠷᠤᠯᠳᠤᠭᠠᠨ ᠳ᠋ᠥ ᠰᠢᠯᠢᠩᠬᠤᠲᠠ ᠶᠢᠨ ᠮᠤᠩᠭ᠋ᠤᠯ ᠦᠨᠳᠦᠰᠦᠳᠡᠨ ‍ᠤ ᠪᠠᠭ᠎ᠠ ᠰᠤᠷᠭᠠᠭᠤᠯᠢ ᠶ᠋ᠢᠨ ᠪᠠᠬᠰᠢ ᠤᠷᠠᠨᠴᠡᠴᠡᠭ ᠲᠡᠷᠢᠭᠦᠯᠡᠵᠡᠢ᠃ ᠵᠠᠯᠭᠠᠭᠠᠳ᠂ ᠦᠨᠦ ᠵᠢᠯ ‍ᠤᠨ ᠳᠤᠷᠰᠢ ᠶᠠᠪᠤᠬᠳᠠᠬᠰᠡᠨ ᠰᠢᠷᠢᠰ ᠤᠷᠤᠯᠳᠤᠭᠠᠨ ‍ᠤ ᠪᠠᠨ ᠱᠠᠩᠨᠠᠯ ᠤᠯᠭᠤᠬᠤ ᠶᠤᠰᠤᠯᠠᠯ ‍ᠢ ᠶᠠᠪᠤᠭᠤᠯᠤᠬᠰᠡᠨ ᠪᠠᠶᠢᠨ᠎ᠠ᠃ (ᠰᠢᠯᠢᠩᠬᠤᠲᠠ ᠶᠢᠨ ᠲᠤᠭ᠎ᠠ ᠪᠦᠷᠢᠳᠭᠡᠯ ᠤᠨ ᠲᠤᠪᠴᠢᠶᠠᠨ ᠤ ᠴᠢᠷᠮ᠎ᠠ)

ᠤᠷᠤᠯᠳᠤᠭᠠᠨ ᠶᠠᠪᠤᠭᠳᠠᠬᠵᠤ ᠪᠠᠶᠢᠭ᠎ᠠ ᠨᠢ

ᠤᠷᠤᠯᠳᠤᠭᠠᠨ ᠳᠤ ᠤᠷᠤᠯᠴᠠᠭᠰᠠᠳ ᠰᠡᠳᠦᠪ ᠬᠠᠷᠢᠭᠤᠯᠵᠤ ᠪᠠᠶᠢᠭ᠎ᠠ ᠨᠢ

ᠱᠠᠩᠨᠠᠯ ᠭᠠᠷᠳᠠᠭᠰᠠᠳ

ᠢᠷᠡᠯᠳᠡ᠄ ᠰᠢᠨᠬᠤᠸᠠ ᠮᠣᠩᠭᠣᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121885029