蒙古文网站Logo
ᠰᠢᠨᠬᠤᠸᠠ ᠮᠤᠩᠭ᠋ᠤᠯ ᠨᠧᠲ

ᠬᠦᠬᠡᠬᠤᠳᠠ ᠢᠢᠨ 《 ᠬᠤᠨ ᠭᠠᠯᠠᠭᠤ 》 ᠪᠠᠶᠠᠰᠬᠤᠯᠠᠩᠳᠤ ᠤᠩᠰᠢᠯᠭ᠎ᠠ ᠵᠢᠨ ᠲᠦᠯᠦᠪᠯᠡᠬᠡ ᠡᠬᠢᠯᠡᠪᠡ

2017-11-24 15:15

    11 ᠰᠠᠷ᠎ᠠ ᠶᠢᠨ 23 ᠤ ᠡᠳᠦᠷ᠂ ᠦᠪᠦᠷ ᠮᠣᠩᠭᠣᠯ ᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ ᠠ ᠵᠢᠨ ᠤᠬᠠᠭᠤᠯᠬᠤ ᠬᠡᠯᠳᠡᠰ᠂ ᠰᠤᠶᠤᠯ ᠤᠨ ᠲᠢᠩᠬᠢᠮ᠂ ᠰᠤᠨᠢᠨ ᠮᠡᠳᠡᠬᠡ ᠬᠡᠪᠯᠡᠯ ᠷᠠᠳᠢᠣ᠋ ᠲᠸᠯᠸᠶ᠋ᠰ ᠤᠨ ᠳᠤᠪᠴᠢᠶ᠎ᠠ ᠪᠠ ᠬᠦᠬᠡᠬᠤᠳᠠ ᠵᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠡᠴᠡ ᠰᠠᠨᠠᠭᠠᠴᠢᠯᠠᠭᠰᠠᠨ《ᠬᠤᠨ ᠭᠠᠯᠠᠭᠤ》ᠪᠠᠶᠠᠰᠬᠤᠯᠠᠩᠳᠤ ᠤᠩᠰᠢᠯᠭ᠎ᠠ ᠵᠢᠨ ᠲᠦᠯᠦᠪᠯᠡᠬᠡ ᠢᠢᠨ ᠡᠬᠢᠯᠡᠯᠳᠡ ᠢᠢᠨ ᠶᠤᠰᠤᠯᠠᠯ ᠬᠦᠬᠡᠬᠤᠳᠠ ᠵᠢᠨ ᠰᠢᠨᠬᠤᠸᠠ ᠨᠤᠮ ᠤᠨ ᠳᠡᠯᠭᠡᠭᠦᠷ ᠲᠤ ᠶᠠᠪᠤᠬᠳᠠᠪᠠ᠃

    《ᠬᠤᠨ ᠭᠠᠯᠠᠭᠤ 》 ᠪᠠᠶᠠᠰᠬᠤᠯᠠᠩᠳᠤ ᠤᠩᠰᠢᠯᠭ᠎ᠠ ᠵᠢᠨ ᠲᠦᠯᠦᠪᠯᠡᠬᠡ ᠪᠤᠯ ᠬᠦᠬᠡᠬᠤᠳᠠ ᠵᠢᠨ ᠤᠯᠤᠰ ᠤᠨ ᠤᠯᠠᠨ ᠨᠡᠢᠢᠳᠡ ᠵᠢᠨ ᠰᠤᠶᠤᠯ ᠤᠨ ᠦᠢᠯᠡᠴᠢᠯᠡᠬᠡᠨ ᠤ ᠰᠢᠰᠲ᠋ᠧᠮ ᠤᠨ ᠵᠢᠱᠢᠶ᠎ᠠ ᠦᠵᠡᠬᠦᠯᠬᠦ ᠤᠷᠤᠨ ᠢ ᠡᠭᠦᠳᠤᠨ ᠪᠠᠢᠢᠭᠤᠯᠬᠤ ᠡᠬᠦᠳᠦᠯᠳᠡ ᠵᠢᠨ ᠴᠢᠨᠠᠷᠳᠠᠢ ᠬᠢᠯᠠᠰ ᠵᠢᠯ ᠤᠨ ᠠᠵᠢᠯ ᠪᠤᠯᠤᠭᠰᠠᠨ ᠤ ᠬᠤᠪᠢ ᠳ᠋᠋ᠤ᠂ ᠬᠤᠳᠠ ᠢᠢᠨ ᠠᠷᠠᠳ ᠤᠨ ᠨᠤᠮ ᠤᠩᠰᠢᠬᠤ《ᠡᠴᠦᠰ ᠤᠨ ᠨᠢᠬᠡ ᠺᠢᠯᠤᠮᠸᠲ᠋ᠷ》 ᠤᠨ ᠠᠰᠠᠭᠤᠳᠠᠯ ᠢ ᠰᠢᠢᠳᠪᠤᠷᠢᠯᠡᠵᠦ᠂ ᠪᠦᠭᠦ ᠬᠤᠳᠠ ᠵᠢᠨ ᠠᠷᠠᠳ ᠤᠨ《ᠨᠤᠮ ᠤᠩᠰᠢᠬᠤ ᠨᠢ ᠰᠠᠢᠢᠨ᠂ ᠨᠤᠮ ᠤᠩᠰᠢᠬᠤ ᠳᠤ ᠪᠠᠬᠠᠳᠠᠢ᠂ ᠰᠠᠢᠢᠨ ᠨᠤᠮ  ᠤᠩᠰᠢᠬᠤ》ᠳᠠᠳᠬᠠᠯ ᠢ ᠪᠤᠢ ᠪᠤᠯᠭᠠᠵᠤ᠂《ᠨᠤᠮ ᠪᠢᠴᠢᠭ᠍ᠳᠤ ᠬᠦᠬᠡᠬᠤᠳᠠ》ᠵᠢᠨ ᠲᠦᠷᠦᠯ ᠳᠡᠮᠳᠡᠭ ᠢ ᠡᠬᠦᠳᠬᠦ ᠵᠢᠨ ᠲᠦᠯᠦᠬᠡ ᠭᠠᠷᠭᠠᠭᠰᠠᠨ ᠤᠩᠰᠢᠯᠭ᠎ᠠ ᠵᠢ ᠳᠡᠯᠬᠡᠷᠡᠬᠦᠯᠬᠦ ᠠᠵᠢᠯᠯᠠᠭ᠎ᠠ ᠪᠤᠯᠤᠨ᠎ᠠ᠃

    《ᠬᠤᠨ ᠭᠠᠯᠠᠭᠤ》ᠪᠠᠶᠠᠰᠬᠤᠯᠠᠩᠳᠤ ᠤᠩᠰᠢᠯᠭ᠎ᠠ ᠵᠢᠨ ᠲᠦᠯᠦᠪᠯᠡᠬᠡ ᠨᠢ ᠴᠠᠬᠢᠮ ᠤᠩᠰᠢᠯᠭ᠎ᠠ ᠪᠠ ᠪᠤᠰᠤᠳ ᠤᠩᠰᠢᠯᠭ᠎ᠠ ᠵᠢ ᠤᠶᠠᠯᠳᠤᠭᠤᠯᠵᠦ ᠨᠤᠮ ᠤᠨ ᠰᠠᠩ᠋᠂ ᠨᠤᠮ ᠤᠨ ᠳᠡᠯᠬᠡᠬᠦᠷ ᠢ ᠨᠢᠬᠡ ᠴᠤᠭᠴᠠᠵᠢᠭᠤᠯᠤᠨ ᠨᠤᠮ ᠰᠤᠩᠭ᠋ᠤᠬᠤ᠂ ᠨᠤᠮ ᠬᠤᠳᠠᠯᠳᠤᠨ ᠠᠪᠬᠤ ᠳ᠋᠋ᠤ ᠬᠦᠮᠦᠯᠢᠭ ᠦᠢᠯᠡᠴᠢᠯᠡᠬᠡ ᠬᠠᠩᠭ᠋ᠠᠬᠤ ᠪᠠ ᠨᠤᠮ ᠵᠢᠬᠡᠯᠡᠵᠦ ᠨᠤᠮ ᠪᠤᠴᠠᠭᠠᠬᠤ ᠳ᠋᠋ᠤ ᠲᠦᠬᠦᠮ ᠲᠦᠳᠡ ᠦᠢᠯᠡᠴᠢᠯᠡᠬᠡ ᠬᠠᠩᠭ᠋ᠠᠬᠤ ᠤᠳᠤᠬᠢᠴᠢᠯᠠᠭᠰᠠᠨ ᠨᠤᠮ ᠵᠢᠬᠡᠯᠡᠬᠦ ᠵᠠᠭᠪᠤᠷ ᠪᠤᠯᠤᠨ᠎ᠠ᠃

    ᠤᠩᠰᠢᠭᠴᠢᠳ ᠪᠡᠶ᠎ᠠ ᠵᠢᠨ ᠦᠨᠡᠮᠯᠡᠯ ᠵᠢᠡᠨ ᠠᠪᠴᠤ᠂ ᠪᠦᠬᠦ ᠬᠤᠳᠠ ᠵᠢᠨ ᠡᠯ᠎ᠠ ᠤᠯᠠᠨ ᠨᠡᠢᠢᠳᠡ ᠵᠢᠨ ᠨᠤᠮ ᠤᠨ ᠰᠠᠩ᠋ ᠪᠤᠶᠤ ᠰᠢᠨᠬᠤᠸᠠ ᠨᠤᠮ ᠤᠨ ᠳᠡᠯᠬᠡᠬᠦᠷ ᠤᠨ ᠡᠯ᠎ᠠ ᠬᠤᠪᠢᠶᠠᠷᠢ ᠳᠡᠯᠬᠡᠬᠦᠷ ᠡᠴᠡ 《ᠬᠤᠨ ᠭᠠᠯᠠᠭᠤ》ᠨᠤᠮ ᠤᠩᠰᠢᠬᠤ ᠺᠠᠷᠲ᠋ ᠠᠪᠴᠤ ᠪᠤᠯᠤᠨ᠎ᠠ᠃ ᠠᠦ᠋ᠲ᠋ᠤ᠋ ᠨᠤᠮ ᠵᠢᠬᠡᠯᠡᠬᠦ ᠮᠠᠰᠢᠨ᠂ ᠨᠡᠬᠦᠳᠡᠯ ᠦᠢᠯᠡᠴᠢᠯᠡᠬᠡᠨ ᠤ ᠳᠡᠷᠬᠡ᠂ ᠬᠠᠮᠳᠤᠪᠡᠷ ᠡᠳ᠋ᠯᠡᠬᠦ ᠨᠤᠮ ᠤᠨ ᠬᠠᠢᠢᠷᠴᠠᠭ᠂ ᠰᠤᠷᠭᠠᠭᠤᠯᠢ ᠵᠢᠨ ᠬᠦᠷᠢᠶᠡᠨ ᠤ ᠨᠤᠮ ᠤᠨ ᠦᠷᠦᠬᠡ ᠡᠴᠡ ᠨᠤᠮ ᠵᠢᠬᠡᠯᠡᠵᠦ ᠪᠤᠯᠤᠨ᠎ᠠ᠂ ᠪᠠᠰᠠ ᠬᠦᠬᠡᠬᠤᠳᠠ ᠵᠢᠨ ᠨᠤᠮ ᠤᠨ ᠰᠠᠩ᠋ ᠤᠨ ᠸᠢᠴᠠᠲ ᠳᠠᠪᠴᠠᠩ᠋ ᠤᠨ《ᠸᠢᠴᠠᠲ ᠢᠶᠡᠷ ᠲᠦᠷᠬᠡᠨ ᠵᠢᠬᠡᠯᠡᠬᠦ》ᠴᠢᠳᠠᠮᠵᠢ ᠪᠡᠷ ᠨᠤᠮ ᠳᠡᠪᠳᠡᠷ ᠢ ᠲᠦᠷᠬᠡᠨ ᠵᠢᠬᠡᠯᠡᠵᠦ ᠪᠤᠯᠤᠨ᠎ᠠ᠃ ᠤᠩᠰᠢᠭᠴᠢ ᠪᠠᠰᠠ ᠵᠢᠩ᠋ ᠳ᠋᠋ᠦ᠋ᠩ᠋ ᠴᠠᠬᠢᠮ ᠬᠤᠳᠠᠯᠳᠤᠭ᠎ᠠ ᠡᠴᠡ ᠨᠤᠮ ᠬᠤᠳᠠᠯᠳᠤᠨ ᠠᠪᠴᠤ᠂ ᠳᠤᠭᠳᠠᠭᠰᠠᠨ ᠬᠤᠭᠤᠴᠠᠭᠠᠨ ᠳ᠋᠋ᠤ ᠤᠩᠰᠢᠵᠤ ᠳᠠᠭᠤᠰᠤᠭᠰᠠᠨ ᠤ ᠳᠠᠷᠠᠭ᠎ᠠ᠂ ᠨᠤᠮ ᠵᠢᠡᠨ ᠤᠢᠢᠷ᠎ᠠ ᠬᠠᠪᠢ ᠵᠢᠨ ᠨᠤᠮ ᠤᠨ ᠰᠠᠩ᠋ ᠪᠤᠶᠤ ᠬᠤᠪᠢᠶᠠᠷᠢ ᠨᠤᠮ ᠤᠨ ᠰᠠᠩ᠋ ᠳ᠋᠋ᠤ ᠬᠦᠷᠴᠦ ᠪᠤᠴᠠᠭᠠᠵᠤ ᠪᠤᠯᠤᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122004853