蒙古文网站Logo
ᠰᠢᠨᠬᠤᠸᠠ ᠮᠤᠩᠭ᠋ᠤᠯ ᠨᠧᠲ

ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠶᠢᠨ ᠬᠠᠭᠤᠴᠢ ᠰᠤᠳᠤᠯᠭᠠᠨ  ᠴᠢᠬᠤᠯᠠ ᠢᠯᠡᠷᠡᠭᠦᠯᠦᠯᠲᠡ ᠲᠡᠢ ᠪᠤᠯᠪᠠ

2017-11-28 15:09

    ᠰᠢᠨᠬᠤᠸᠠ ᠬᠤᠷᠢᠶ᠎ᠠ   ᠬᠦᠬᠡᠬᠤᠲᠠ ᠶᠢᠨ 11 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠳ᠋ᠢᠩ ᠮᠢᠩ) ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠶᠢᠨ ᠬᠠᠭᠤᠴᠢ ᠰᠤᠳᠤᠯᠤᠯ ᠤᠨ ᠪᠠᠭ ᠤᠨ ᠠᠬᠠᠯᠠᠭᠴᠢ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠲᠡᠭᠡᠲᠤ ᠰᠤᠷᠭᠠᠭᠤᠯᠢ ᠶᠢᠨ ᠬᠠᠭᠤᠴᠢ ᠰᠤᠳᠤᠯᠤᠯ ᠤᠨ ᠬᠦᠷᠢᠶᠡᠯᠡᠩ ᠤᠨ ᠰᠤᠳᠤᠯᠤᠭᠠᠴᠢ ᠳ᠋ᠦᠩ ᠰᠢᠨ ᠯᠢᠨ ᠲᠦᠷᠦᠭᠦᠬᠡᠨ ᠰᠤᠷᠪᠤᠯᠵᠢᠯᠠᠭ᠎ᠠ ᠬᠦᠯᠢᠶᠡᠬᠦ ᠳᠤ ᠪᠡᠨ᠂ ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠶᠢ 2011 ᠤᠨ ᠡᠴᠡ ᠡᠬᠢᠯᠡᠨ ᠤᠳᠤ ᠪᠤᠯᠲᠠᠯ᠎ᠠ ᠲᠦᠯᠦᠪᠯᠡᠯᠭᠡ ᠲᠠᠢ ᠪᠡᠷ ᠮᠠᠯᠲᠠᠨ ᠰᠡᠷᠭᠦᠭᠡᠭ᠍ᠰᠡᠨ ᠢᠶᠡᠷ ᠪᠠᠭᠤᠷᠢ ᠶᠢᠨ ᠬᠠᠪᠲᠠᠭᠠᠢ ᠶᠢᠨ ᠪᠦᠲᠦᠴᠡ᠂ ᠴᠢᠳᠠᠮᠵᠢ ᠶᠢᠨ ᠬᠤᠪᠢᠶᠠᠷᠢ ᠲᠤᠭᠤᠷᠢᠭ ᠪᠤᠯᠤᠨ ᠲᠡᠤᠬᠡᠨ ᠬᠤᠪᠢᠰᠤᠯ ᠢ ᠠᠩᠬ᠎ᠠ ᠠᠯᠬᠤᠮ ᠮᠦᠷᠳᠡᠨ ᠢᠯᠡᠷᠡᠭᠦᠯᠦᠭᠰᠡᠨ ᠬᠡᠵᠡᠢ᠃

    ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠶᠢᠨ ᠳᠤᠮᠳᠠ ᠲᠡᠩᠭᠡᠯᠢᠭ᠌ ᠤᠨ ᠱᠤᠭᠤᠮ ᠨᠢ ᠵᠡᠭᠦᠨᠰᠢ ᠪᠠᠷᠠᠭᠤᠨᠰᠢ ᠴᠢᠭᠯᠡᠯ ᠲᠠᠢ ᠪᠦᠭᠡᠳ ᠵᠡᠭᠦᠨ ᠵᠦᠭ ᠲᠤ ᠪᠡᠨ ᠬᠦᠨᠳᠦᠲᠡᠢ ᠪᠠᠶᠢᠪᠠ᠃ ᠠᠷᠭᠢᠯᠤᠭᠢᠴᠢᠳ ᠬᠠᠭᠠᠨ ᠤ ᠬᠤᠲᠠ ᠶᠢᠨ ᠵᠡᠭᠦᠨ ᠡᠭᠦᠲᠠ᠂ ᠤᠷᠳᠤᠨ ᠤ ᠬᠤᠲᠠ ᠶᠢᠨ ᠵᠡᠭᠦᠨ ᠡᠭᠦᠲᠠ᠂ ᠤᠷᠳᠤᠨ ᠤ ᠬᠤᠲᠠ ᠶᠢᠨ ᠳᠤᠲᠤᠭᠠᠳᠤᠬᠢ ᠵᠡᠭᠦᠨᠰᠢ ᠴᠢᠭᠯᠡᠯ ᠤᠨ ᠲᠤᠮᠤ ᠬᠡᠯᠪᠡᠷᠢ ᠶᠢᠨ ᠪᠠᠷᠢᠯᠭ᠎ᠠ ᠶᠢᠨ ᠬᠦᠷᠢᠶ᠎ᠠ ᠵᠢᠴᠢ ᠲᠡᠭᠦᠨ ᠤ ᠳᠤᠲᠤᠷᠠᠬᠢ ᠵᠦᠷᠢᠭ᠌ ᠵᠠᠮ ᠤᠨ ᠪᠠᠭᠤᠷᠢ ᠨᠢ ᠴᠦᠮ ᠵᠡᠭᠦᠨᠰᠢ ᠪᠠᠷᠠᠭᠤᠨᠰᠢ ᠴᠢᠭᠯᠡᠯ ᠤᠨ ᠲᠡᠩᠬᠡᠯᠢᠭ᠌ ᠤᠨ ᠪᠦᠲᠦᠴᠡ ᠲᠠᠢ ᠪᠠᠶᠢᠬᠤ ᠶᠢ ᠢᠯᠡᠷᠡᠭᠦᠯᠵᠠᠢ᠃ ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠶᠢᠨ ᠬᠠᠭᠠᠨ ᠤ ᠬᠤᠲᠠ ᠪᠤᠯᠤᠨ ᠤᠷᠳᠤᠨ ᠤ ᠬᠤᠲᠠ ᠶᠢᠨ ᠪᠠᠷᠠᠭᠤᠨ ᠡᠭᠦᠳᠠ ᠨᠢ ᠴᠦᠮ ᠭᠠᠭᠴᠠ ᠵᠦᠷᠢᠭ᠌ ᠲᠠᠢ᠂ ᠬᠠᠷᠢᠨ ᠬᠠᠭᠠᠨ ᠤ ᠬᠤᠲᠠ ᠪᠤᠯᠤᠨ ᠤᠷᠳᠤᠨ ᠤ ᠬᠤᠲᠠ ᠶᠢᠨ ᠵᠡᠭᠦᠨ ᠡᠭᠦᠳᠠ ᠨᠢ ᠴᠦᠮ ᠭᠤᠷᠪᠠᠨ ᠵᠦᠷᠢᠭ᠌ ᠲᠠᠢ  ᠡᠴᠡ ᠨᠢ ᠵᠡᠭᠦᠨ ᠡᠭᠦᠲᠠ ᠶᠢᠨ ᠵᠡᠷᠭᠡᠯᠡᠯ ᠨᠢ ᠦᠨᠳᠦᠷ ᠪᠠᠶᠢᠬᠤ  ᠶᠢ ᠮᠡᠳᠡᠵᠤ ᠪᠤᠯᠤᠨ᠎ᠠ᠃

    ᠯᠢᠶᠤᠤ ᠭᠦᠷᠦᠨ ᠤ ᠨᠡᠶᠢᠰᠯᠡᠯ ᠤᠨ ᠪᠠᠭᠤᠷᠢ ᠳᠤ ᠺᠦᠩᠽᠢ ᠶᠢᠨ ᠰᠦᠮ᠎ᠠ ᠪᠠᠶᠢᠭᠤᠯᠤᠭᠰᠠᠨ ᠨᠢ ᠺᠦᠩᠽᠢ ᠶᠢ ᠬᠦᠨᠳᠦᠳᠭᠡᠵᠤ ᠺᠦᠩᠴᠢ ᠶᠢᠨ ᠰᠤᠷᠭᠠᠯ ᠢ ᠲᠡᠭᠡᠳᠦᠯᠡᠬᠦ ᠦᠵᠡᠯ ᠰᠠᠨᠠᠭ᠎ᠠ ᠶᠢ ᠲᠤᠰᠬᠠᠵᠠᠢ᠃ ᠳ᠋ᠦᠩ ᠰᠢᠨ ᠯᠢᠨ ᠤ ᠲᠠᠨᠢᠯᠴᠠᠭᠤᠯᠤᠭᠰᠠᠨ ᠢᠶᠡᠷ᠂ ᠬᠢᠳᠠᠨ ᠦᠨᠳᠦᠰᠦᠲᠡᠨ ᠰᠤᠶᠤᠯ ᠢ ᠬᠦᠯᠢᠶᠡᠨ ᠠᠪᠬᠤ ᠨᠢ ᠮᠠᠰᠢ ᠴᠢᠩᠭ᠋᠎ᠠ ᠪᠠᠶᠢᠳᠠᠭ᠃ ᠯᠢᠶᠤᠤ ᠭᠦᠷᠦᠨ ᠤ ᠨᠠᠶᠢᠰᠯᠡᠯ ᠳᠤ ᠤᠤᠯ ᠳᠤ ᠪᠡᠨ ᠺᠦᠩᠽᠢ ᠶᠢᠨ ᠰᠦᠮ᠎ᠠ᠂ ᠪᠤᠷᠬᠠᠨ ᠤ ᠰᠦᠮ᠎ᠠ᠂ ᠪᠤᠮᠪᠤ ᠶᠢᠨ ᠰᠦᠮ᠎ᠠ ᠪᠠᠶᠢᠭᠰᠠᠨ ᠪᠦᠭᠡᠳ ᠡᠯ᠎ᠠ ᠵᠦᠢᠯ ᠤᠨ ᠰᠤᠶᠤᠯ ᠡᠨᠳᠡ ᠠᠭᠤᠰᠤᠯᠴᠠᠨ ᠬᠦᠭ᠍ᠵᠢᠵᠤ ᠪᠠᠶᠢᠪᠠ᠃ ᠡᠭᠦᠨ ᠳᠤ᠂ ᠺᠦᠩᠽᠢ ᠶᠢᠨ ᠰᠦᠮ᠎ᠠ ᠪᠤᠯ ᠨᠡᠶᠢᠰᠯᠡᠯ ᠪᠠᠶᠢᠭᠤᠯᠬᠤ ᠡᠬᠢᠨ ᠤ ᠦᠶ᠎ᠠ ᠳᠤ ᠡᠭᠦᠰᠭᠡᠨ ᠪᠠᠷᠢᠬᠰᠠᠨ ᠬᠠᠮᠤᠭ ᠤᠨ ᠡᠷᠲᠡ ᠪᠠᠶᠢᠭᠤᠯᠤᠭᠳᠠᠭᠰᠠᠨ ᠰᠦᠮ᠎ᠠ ᠤᠴᠢᠷ ᠡᠴᠡ ᠺᠦᠩᠽᠢ ᠶᠢᠨ ᠰᠤᠷᠭᠠᠯ ᠤᠨ ᠬᠦᠨᠳᠦᠳᠭᠡᠯ ᠪᠢᠰᠢᠷᠡᠯ ᠲᠤᠪᠤᠶᠢᠮ᠎ᠠ ᠪᠠᠶᠢᠬᠤ ᠶᠢ ᠮᠡᠳᠡᠵᠤ ᠪᠤᠯᠤᠨ᠎ᠠ ᠭᠡᠯ᠎ᠠ᠃

    ᠯᠢᠶᠤᠤ ᠬᠦᠷᠦᠨ ᠤ ᠨᠠᠶᠢᠰᠯᠠᠯ ᠨᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠪᠠᠭᠠᠷᠢᠨ ᠵᠡᠭᠦᠨ ᠬᠤᠰᠢᠭᠤᠨ ᠤ ᠬᠢᠯᠢ ᠳᠤ ᠪᠠᠶᠢᠷᠢᠯᠠᠵᠤ᠂ ᠨᠡᠶᠢᠲᠡ ᠶᠢᠨ ᠤᠨ ᠲᠤᠭᠠᠯᠠᠯ ᠤᠨ 918 ᠤᠨ ᠳᠤ ᠪᠠᠶᠢᠭᠤᠯᠤᠭᠲᠠᠨ 200 ᠭᠠᠷᠤᠢ ᠵᠢᠯ ᠯᠢᠶᠤᠤ ᠬᠦᠷᠦᠨ ᠤ ᠤᠯᠤᠰ ᠲᠦᠷᠦ᠂ ᠡᠳ᠋ ᠤᠨ ᠵᠠᠰᠠᠭ᠂ ᠰᠤᠶᠤᠯ ᠤᠨ ᠲᠦᠪ ᠪᠤᠯᠵᠤ ᠪᠠᠶᠢᠪᠠ᠃ ᠡᠨᠡ ᠨᠢ ᠳᠤᠮᠳᠠᠳᠤ ᠶᠢᠨ ᠲᠡᠤᠬᠡᠨ ᠳ᠋ᠡᠬᠢ ᠬᠠᠮᠤᠭ ᠤᠨ ᠤᠳᠠᠭᠠᠨ ᠰᠠᠭᠤᠷᠢᠰᠢᠬᠰᠠᠨ ᠲᠠᠯ᠎ᠠ ᠨᠤᠲᠤᠭ ᠤᠨ ᠨᠡᠶᠢᠰᠯᠡᠯ ᠪᠤᠯᠤᠨ᠎ᠠ᠂ 1961 ᠤᠨ ᠳᠤ ᠯᠢᠶᠤᠤ ᠬᠦᠷᠦᠨ ᠤ ᠨᠡᠶᠢᠰᠯᠡᠯ ᠤᠨ ᠪᠠᠭᠤᠷᠢ ᠠᠩᠬᠠᠨ ᠤ ᠡᠭᠡᠯᠵᠢ ᠶᠢᠨ ᠤᠯᠤᠰ ᠳᠠᠶᠠᠭᠠᠷ ᠤᠨ ᠭᠤᠤᠯᠳᠠᠯᠭ᠎ᠠ ᠲᠠᠢ ᠲᠡᠤᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠨᠢᠭᠡᠴᠡ ᠪᠡᠷ ᠰᠤᠩᠭ᠋ᠤᠭᠳᠠᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122022962