蒙古文网站Logo
ᠰᠢᠨᠬᠤᠸᠠ ᠮᠤᠩᠭ᠋ᠤᠯ ᠨᠧᠲ

ᠭᠠᠷ ᠢᠶᠡᠷ ᠵᠢᠷᠤᠭᠰᠠᠨ ᠲᠤᠰᠤᠨ ᠵᠢᠷᠤᠭ ᠤᠨ ᠲᠡᠯᠡᠬᠡᠢ ᠶᠢᠨ ᠠᠩᠬᠠᠨ ᠤ ᠺᠢᠨᠣ᠋《ᠬᠦᠨᠳᠤᠳᠤ ᠸᠠᠩ᠋ᠭᠣ᠋》 12 ᠰᠠᠷ᠎ᠠ ᠶᠢᠨ 8 ᠤ ᠡᠳᠤᠷ ᠤᠯᠤᠰ ᠲᠠᠶᠠᠭᠠᠷ ᠲᠤ ᠦᠵᠡᠭᠴᠢᠳ ᠲᠠᠢ ᠵᠤᠯᠭᠠᠨ᠎ᠠ

2017-12-07 21:07

    ᠰᠢᠨᠬᠤᠸᠠ ᠬᠤᠷᠢᠶ᠎ᠠ   ᠪᠡᠭᠡᠵᠢᠩ ᠤᠨ 12 ᠰᠠᠷ᠎ᠠ ᠶᠢᠨ 6 ᠤ ᠡᠳᠤᠷ ᠤᠨ ᠴᠠᠬᠢᠯᠭᠠᠨ ᠮᠡᠳᠡᠬᠡ ( ᠰᠤᠷᠪᠤᠯᠵᠢᠯᠠᠭᠴᠢ ᠱᠢ ᠵᠢᠩ ᠨᠠᠨ) ᠭᠠᠷ ᠢᠶᠡᠷ ᠵᠢᠷᠤᠭᠰᠠᠨ ᠲᠤᠰᠤᠨ ᠵᠢᠷᠤᠭ ᠤᠨ ᠲᠡᠯᠡᠬᠡᠢ ᠶᠢᠨ ᠠᠩᠬᠠᠨ ᠤ ᠺᠢᠨᠣ᠋ 《ᠬᠦᠨᠳᠤᠳᠤ ᠸᠠᠩᠭ᠋ᠣ᠋》 12 ᠰᠠᠷ᠎ᠠ ᠶᠢᠨ 8 ᠤ᠋ ᠡᠳᠤᠷ ᠤᠯᠤᠰ ᠲᠠᠶᠠᠭᠠᠷ ᠤᠨ ᠦᠵᠡᠭᠴᠢᠳ ᠲᠠᠢ ᠵᠤᠯᠭᠠᠵᠤ᠂ ᠺᠢᠨᠣ᠋ ᠲᠡᠯᠭᠡᠴᠡ ᠪᠡᠷ ᠲᠠᠮᠵᠢᠨ ᠸᠠᠩᠭ᠋ᠤ᠋ ᠶᠢᠨ ᠲᠤᠰᠤᠨ ᠵᠢᠷᠤᠭ ᠢ ᠪᠢᠴᠢᠯᠬᠡ ᠪᠡᠷ ᠢᠯᠡᠷᠡᠬᠦᠯᠦᠨ ᠦᠵᠡᠭᠴᠢᠳ ᠲᠤ ᠰᠡᠳᠬᠢᠭ᠍ᠳᠡᠯᠴᠢ ᠪᠦᠯᠦᠭᠳᠡᠨ ᠤ ᠬᠡᠪ ᠨᠠᠮᠪᠠ ᠶᠢ ᠬᠠᠷᠠᠭᠤᠯᠤᠨ᠎ᠠ᠃

    ᠤᠶᠢᠯᠠᠭᠠᠭᠰᠠᠨ ᠢᠶᠡᠷ᠂ ᠲᠤᠰ ᠺᠢᠨᠣ᠋ ᠳᠤ ᠸᠠᠩᠭ᠋ᠣ᠋ ᠶᠢᠨ ᠨᠢᠬᠡ ᠨᠠᠰᠤᠨ ᠤ ᠠᠮᠢᠳᠤᠷᠠᠯ ᠢ ᠢᠯᠡᠷᠡᠬᠦᠯᠵᠤ᠂ ᠵᠠᠬᠢᠳᠠᠯ ᠬᠦᠷᠬᠡᠬᠦ ᠬᠦᠮᠦᠨ ᠤ ᠬᠠᠷᠠᠭᠠᠨ ᠡᠴᠡ ᠸᠠᠩᠭ᠋ᠣ᠋ ᠪᠤᠯᠤᠨ ᠲᠡᠬᠦᠨ ᠤ ᠲᠡᠬᠦᠦ ᠶᠢᠨ ᠵᠠᠬᠢᠳᠠᠯ ᠵᠢᠴᠢ ᠸᠠᠩᠭ᠋ᠣ᠋ ᠲᠠᠢ ᠬᠠᠮᠳᠤ ᠠᠮᠢᠳᠤᠷᠠᠵᠤ ᠪᠠᠶᠢᠭᠰᠠᠨ ᠬᠦᠮᠦᠰ ᠤᠨ ᠲᠤᠬᠠᠢ ᠡᠷᠬᠢᠴᠡᠬᠦᠯᠦᠯ ᠢᠶᠡᠷ ᠲᠠᠮᠵᠢᠨ ᠨᠡᠡᠬᠦ ᠲᠤᠮᠤ ᠤᠷᠠᠯᠢᠭᠴᠢᠨ ᠤ ᠤᠤᠯ ᠲᠦᠷᠬᠦ ᠶᠢ ᠢᠯᠡᠷᠡᠬᠦᠯᠬᠦ ᠶᠢ ᠵᠤᠷᠢᠭᠰᠠᠨ ᠶᠤᠮ᠃

    ᠲᠤᠰ ᠺᠢᠨᠣ᠋ ᠶᠢᠨ ᠰᠤᠷᠳᠠᠯᠴᠢᠯᠠᠭ᠎ᠠ ᠶᠢᠨ ᠲᠠᠯ᠎ᠠ ᠶᠢᠨ ᠬᠢᠨ ᠤ ᠲᠠᠨᠢᠯᠴᠠᠭᠤᠯᠤᠭᠰᠠᠨ ᠢᠶᠡᠷ᠂ ᠵᠦᠪᠬᠡᠨ 95 ᠮᠢᠨᠦ᠋ᠲ ᠤᠨ ᠲᠤᠰ ᠺᠢᠨᠣ᠋ ᠶᠢ ᠺᠢᠨᠣ᠋ ᠦᠢᠯᠡᠳᠤᠭ᠍ᠴᠢ ᠪᠦᠯᠬᠦᠮ 7 ᠵᠢᠯ ᠬᠡᠷᠡᠭᠰᠡᠨ ᠲᠡᠯᠡᠬᠡᠢ ᠶᠢᠨ 15 ᠤᠯᠤᠰ ᠤᠨ 125 ᠤᠷᠠᠨ ᠵᠢᠷᠤᠭᠴᠢᠨ ᠢ ᠡᠷᠢᠵᠤ᠂ ᠸᠠᠩᠭ᠋ᠣ᠋ ᠶᠢᠨ ᠠᠮᠢᠳᠤᠷᠠᠵᠤ ᠪᠠᠶᠢᠭᠰᠠᠨ ᠦᠶ᠎ᠡ ᠶᠢᠨ ᠪᠠᠶᠢᠳᠠᠯ ᠢ ᠬᠦᠨᠵᠡᠬᠡᠢ ᠰᠢᠨᠵᠢᠯᠡᠵᠤ᠂ ᠨᠡᠶᠢᠳᠡ 65000 ᠬᠠᠭᠤᠳᠠᠰᠤ ᠲᠤᠰᠤᠨ ᠵᠢᠷᠤᠭ ᠵᠢᠷᠤᠵᠤ᠂ ᠮᠢᠨᠦ᠋ᠲ ᠪᠦᠷᠢ 12 ᠵᠢᠷᠤᠭ ᠤᠨ ᠬᠤᠷᠳᠤᠴᠠ ᠪᠡᠷ ᠡᠨᠡᠬᠦ ᠲᠤᠰᠤᠨ ᠵᠢᠷᠤᠭ ᠤᠨ ᠺᠢᠨᠣ᠋ ᠢᠢ ᠦᠢᠯᠡᠳᠤᠭ᠍ᠰᠡᠨ ᠪᠠᠶᠢᠨ᠎ᠠ᠃

    ᠦᠨᠦ ᠵᠢᠯ ᠲᠤᠰ ᠺᠢᠨᠣ᠋ ᠬᠤᠷᠢᠳᠤᠭᠠᠷ ᠬᠤᠭᠤᠴᠠᠭᠠᠨ ᠤ ᠱᠠᠩᠬᠠᠢ ᠶᠢᠨ ᠤᠯᠠᠨ ᠤᠯᠤᠰ ᠤᠨ ᠺᠢᠨᠣ᠋ ᠤᠷᠠᠯᠢᠭ ᠤᠨ ᠪᠠᠶᠠᠷ ᠲᠤ ᠰᠢᠯᠢᠳᠡᠭ ᠺᠠᠷᠲ᠋ᠤᠨ ᠤ ᠠᠯᠳᠠᠨ ᠱᠠᠩᠨᠠᠯ ᠬᠦᠷᠳᠡᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122075179